蒙古文网站Logo
ᠰᠢᠨᠬᠤᠸᠠ ᠮᠤᠩᠭ᠋ᠤᠯ ᠨᠧᠲ

ᠳᠠᠷᠤᠮᠲᠠ ᠬᠢᠮᠤᠷᠠᠯ ᠤᠨ ᠡᠪᠡᠳᠴᠢᠲᠡᠨ ᠤ ᠰᠡᠳᠭᠢᠯ ᠤᠨ ᠶᠢᠷᠲᠢᠨᠴᠦ

2016-11-03 11:28

    ᠳᠠᠷᠤᠮᠲᠠ ᠬᠢᠮᠤᠷᠠᠯ ᠤᠨ ᠡᠪᠡᠳᠴᠢᠨ ᠨᠢ ᠵᠦᠪᠬᠡᠨ ᠤᠷᠮ ᠠ ᠮᠠᠭᠤᠲᠠᠢ ᠶᠢᠨ ᠤᠴᠢᠷ ᠪᠢᠰᠢ᠂ ᠲᠡᠷᠡ ᠨᠢ ᠨᠢᠭᠡ ᠵᠤᠢᠢᠯ ᠤᠨ ᠡᠮᠴᠢᠯᠡᠬᠦᠯᠬᠦ ᠴᠢᠬᠤᠯᠠᠲᠠᠢ ᠡᠪᠡᠳᠴᠢᠨ ᠪᠤᠯᠤᠨ᠎ᠠ᠃ ᠲᠠᠷᠤᠮᠲᠠ ᠬᠢᠮᠤᠷᠠᠯ ᠤᠨ ᠡᠪᠡᠳᠴᠢᠨ ᠨᠢ ᠬᠦᠮᠦᠰ ᠤᠨ ᠹᠢᠽᠤᠯᠤᠭᠢ᠂ ᠦᠢᠯᠡ ᠠᠵᠢᠯᠯᠠᠭ᠎ᠠ᠂ ᠰᠡᠳᠭᠢᠬᠦᠢ᠂ ᠤᠷᠮ ᠠ ᠶᠢᠨ ᠬᠡᠪ ᠤᠨ ᠪᠠᠢᠢᠳᠠᠯ ᠢ ᠠᠯᠲᠠᠭᠤᠯᠲᠠᠭ᠃

    ᠹᠢᠽᠤᠯᠤᠭᠢ ᠶᠢᠨ ᠲᠠᠯ ᠠ

    ᠨᠤᠢᠢᠷ ᠬᠤᠯᠵᠢᠬᠤ ᠪᠤᠶᠤ ᠨᠤᠶᠢᠷᠮᠤᠭᠯᠠᠬᠤ ᠦᠵᠡᠭᠳᠡᠯ ᠢᠯᠡᠷᠡᠵᠤ᠂ ᠬᠡᠲᠦ ᠢᠲᠡᠬᠦ ᠪᠤᠶᠤ ᠬᠤᠭᠤᠯᠠ ᠭᠤᠯᠤᠬᠤ᠂ ᠤᠬᠤᠷᠬᠠᠨ ᠬᠤᠭᠤᠴᠠᠭᠠᠨ ᠳᠤ ᠪᠡᠶ ᠡ ᠶᠢᠨ ᠵᠢᠩ ᠳ᠋ᠤ ᠢᠯᠡᠳᠲᠡ ᠬᠤᠪᠢᠷᠠᠯᠲᠠ ᠭᠠᠷᠴᠤ᠂ ᠪᠤᠯᠴᠢᠨᠭ᠌ ᠡᠪᠡᠳᠬᠦ᠂ ᠠᠮᠠᠷᠬᠠᠨ ᠴᠤᠴᠠᠬᠤ᠂ ᠰᠡᠳᠭᠢᠯ ᠲᠦᠪᠯᠡᠷᠡᠬᠦᠯᠬᠦ ᠳᠤ ᠬᠦᠴᠢᠷᠲᠠᠢ ᠭᠡᠬᠦ ᠮᠡᠲᠦ ᠶᠢᠨ ᠢᠯᠡᠷᠡᠯ ᠲᠠᠢ᠃

    ᠦᠢᠯᠡ ᠡᠠᠵᠢᠯᠯᠠᠭ᠎ᠠ ᠶᠢᠨ ᠲᠠᠯ᠎ᠠ

    ᠨᠠᠢᠢᠵᠠ ᠨᠦᠬᠦᠳ ᠡᠴᠡ ᠪᠠᠨ ᠵᠠᠶᠢᠳᠠᠬᠤ᠂ ᠡᠬᠦᠷᠭᠡ ᠪᠠᠨ ᠪᠡᠶᠡᠯᠡᠭᠦᠯᠵᠤ ᠴᠢᠳᠠᠬᠤ ᠦᠭᠡᠢ᠂ ᠳᠤᠷ ᠠ ᠰᠤᠨᠢᠷᠬᠠᠯ ᠦᠭᠡᠢ᠂ ᠪᠡᠶ ᠡ ᠪᠠᠨ ᠬᠤᠤᠷᠯᠠᠬᠤ ᠢᠯᠡᠷᠡᠯ ᠲᠠᠢ᠃

    ᠰᠡᠳᠬᠢᠬᠦᠢ ᠶᠢᠨ ᠲᠠᠯ ᠠ

    ᠠᠮᠢᠳᠤᠷᠠᠯ ᠤᠳᠬ᠎ᠠ ᠦᠭᠡᠢ ᠰᠠᠨᠠᠭᠳᠠᠬᠤ᠂ ᠪᠠᠶᠠᠷᠯᠠᠬᠤ᠂ ᠳᠤᠷᠠᠰᠬᠤ ᠦᠨ᠎ᠡ ᠦᠷᠳᠡᠭ ᠲᠠᠢ ᠵᠤᠢᠢᠯᠡᠰ ᠪᠠᠶᠢᠬᠤ ᠦᠭᠡᠢ᠂ ᠠᠯᠢᠪᠠ ᠬᠡᠷᠡᠭ ᠢ ᠦᠪᠡᠷ ᠤᠨ ᠪᠤᠷᠤᠭᠤ ᠭᠡᠵᠤ ᠦᠵᠡᠵᠤ᠂ ᠦᠪᠡᠷ ᠢ ᠪᠠᠨ ᠢᠯᠠᠭᠳᠠᠭᠴᠢ ᠭᠡᠵᠤ ᠪᠤᠳᠤᠲᠠᠭ᠃

    ᠤᠷᠮ ᠠ ᠶᠢᠨ ᠲᠠᠯ ᠠ

    ᠵᠤᠪᠠᠬᠤ᠂ ᠴᠢᠭᠯᠡᠯ ᠠᠯᠳᠠᠬᠤ᠂ ᠭᠠᠭᠴᠠᠭᠠᠷᠲᠠᠬᠤ ᠪᠤᠳᠤᠯ ᠲᠦᠷᠦᠭᠳᠡᠳᠡᠭ᠃

    ᠳᠠᠷᠤᠮᠲᠠ ᠬᠢᠮᠤᠷᠠᠯ ᠤᠨ ᠡᠪᠡᠳᠴᠢᠨ ᠢ ᠵᠠᠰᠠᠬᠤ ᠠᠷᠭ᠎ᠠ

    1. ᠮᠡᠷᠭᠡᠵᠢᠯ ᠤᠨ ᠡᠮᠴᠢᠯᠡᠬᠦᠯᠬᠡ ᠬᠢᠬᠦ

    2. ᠤᠢᠢᠷ᠎ᠠ ᠲᠤᠲᠤᠨᠤ ᠬᠦᠮᠦᠰ ᠲᠡᠭᠡᠨ ᠰᠡᠳᠭᠢᠯ ᠤᠨ ᠦᠨᠡᠨ ᠶᠢᠡᠨ ᠲᠤᠭᠠᠴᠢᠬᠤ

    3. ᠰᠡᠳᠭᠢᠯ ᠶᠢᠡᠨ ᠲᠤᠭᠲᠠᠭᠤᠨ ᠪᠠᠢᠢᠯᠭᠠᠬᠤ

    4. ᠶᠡᠷᠤ ᠳᠤ ᠪᠠᠨ ᠪᠡᠶ ᠡ ᠪᠤᠯᠪᠠᠰᠤᠷᠠᠬᠤ

    5. ᠪᠤᠲᠤᠯ ᠰᠡᠳᠭᠢᠯ ᠶᠢᠡᠨ ᠦᠰᠦᠭ ᠪᠢᠴᠢᠭ᠌ ᠶᠢᠡᠷ ᠢᠯᠡᠳᠭᠡᠨ ᠰᠡᠳᠭᠢᠯ ᠰᠠᠨᠠᠭ᠎ᠠ ᠪᠠᠨ ᠲᠠᠢᠢᠪᠤᠰᠢᠷᠠᠭᠤᠯᠬᠤ

    (ᠳᠠᠳᠤᠯᠭ᠎ᠠ ᠶᠢᠨ ᠰᠤᠷᠤᠭᠴᠢ ᠬᠤᠷᠴᠠ ᠤᠷᠴᠢᠭᠤᠯᠪᠠ)

ᠢᠷᠡᠯᠳᠡ᠄ ᠦᠪᠦᠷ ᠮᠤᠩᠭ᠋ᠤᠯ ᠤᠨ ᠡᠲᠦᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119842882