蒙古文网站Logo
ᠰᠢᠨᠬᠤᠸᠠ ᠮᠤᠩᠭ᠋ᠤᠯ ᠨᠧᠲ

2030 ᠤᠨ ᠪᠤᠯᠬᠤ ᠳᠤ ᠵᠢᠯ ᠪᠤᠯᠭᠠᠨ 550 ᠲᠦᠮᠡᠨ ᠡᠮᠡᠭᠲᠠᠶᠢᠴᠤᠳ ᠦᠮᠠᠨ ᠡᠪᠡᠳᠴᠢᠨ  ᠢᠶᠡᠷ ᠨᠠᠰᠤ ᠪᠠᠷᠠᠨ᠎ᠠ

2016-11-03 11:31

    2016 ᠤᠨ ᠤ 11 ᠰᠠᠷ᠎ᠠ ᠶᠢᠨ 1 ᠤ ᠡᠳᠦᠷ ᠹᠷᠠᠨᠼᠢ ᠶᠢᠨ ᠫᠠᠷᠢᠰ ᠲᠤ ᠶᠠᠪᠤᠭᠳᠠᠭᠰᠠᠨ ᠳᠡᠯᠡᠬᠡᠢ ᠶᠢᠨ ᠦᠮᠠᠨ ᠡᠪᠡᠳᠴᠢᠨ ᠤ ᠴᠢᠭᠤᠯᠭᠠᠨ ᠳᠤ ᠠᠮᠧᠷᠢᠺᠠ ᠶᠢᠨ ᠦᠮᠠᠨ ᠡᠪᠡᠳᠴᠢᠨ ᠤ ᠨᠠᠶᠢᠬᠡᠮᠯᠢᠭ᠌ ᠶᠢᠨ ᠮᠡᠳᠡᠭᠡᠯᠡᠭᠰᠡᠨ ᠢᠶᠡᠷ᠂ ᠦᠮᠠᠨ ᠡᠪᠡᠳᠴᠢᠨ ᠳᠤ ᠨᠡᠷᠪᠡᠭ᠍ᠳᠡᠵᠤ ᠠᠮᠢ ᠨᠠᠰᠤ ᠪᠠᠨ ᠠᠯᠳᠠᠵᠤ ᠪᠠᠶᠢᠭ᠎ᠠ ᠡᠮᠡᠭᠲᠠᠶᠢᠴᠤᠳ ᠤᠯᠠᠮ ᠡᠴᠡ ᠤᠯᠠᠰᠢᠷᠠᠵᠤ ᠪᠤᠢ᠃ 2030 ᠤᠨ ᠪᠤᠯᠬᠤ ᠳᠤ᠂ ᠵᠢᠯ ᠪᠣᠯᠭᠠᠨ ᠳᠡᠯᠡᠬᠡᠢ ᠶᠢᠨ550 ᠲᠦᠮᠡᠨ ᠡᠮᠡᠭᠲᠠᠶᠢᠴᠤᠳ ᠦᠮᠠᠨ ᠡᠪᠡᠳᠴᠢᠨ  ᠢᠶᠡᠷ ᠨᠠᠰᠤ ᠪᠠᠷᠠᠬᠤ ᠪᠤᠯᠤᠯᠴᠠᠭ᠎ᠠ ᠲᠠᠢ᠃

    ᠤᠳᠤᠬᠠᠨ ᠳᠤ᠂ ᠳᠡᠯᠡᠬᠡᠢ  ᠶᠢᠨ ᠳᠤᠯᠤᠭᠠᠨ ᠤ ᠨᠢᠬᠡ ᠬᠤᠪᠢ ᠶᠢᠨ ᠡᠮᠡᠭᠲᠠᠶᠢᠴᠤᠳ ᠦᠮᠠᠨ ᠡᠪᠳᠴᠢᠨ  ᠢᠶᠡᠷ ᠨᠠᠰᠤ ᠪᠠᠷᠠᠵᠤ᠂ ᠦᠮᠠᠨ ᠡᠪᠡᠳᠴᠢᠨ ᠨᠢ ᠵᠢᠷᠤᠬᠡᠨ ᠰᠤᠳᠠᠯ ᠤᠨ ᠡᠪᠡᠳᠴᠢᠨ  ᠤ ᠳᠠᠷᠠᠭᠠᠬᠢ ᠬᠤᠶᠠᠳᠤᠭᠠᠷ ᠶᠡᠬᠡ ᠡᠪᠡᠳᠴᠢᠨ ᠪᠣᠯᠵᠡᠢ᠃ ᠡᠭᠦᠨ ᠳᠤ ᠬᠠᠮᠤᠭ ᠤᠨ ᠠᠶᠤᠯᠲᠠᠢ ᠦᠮᠠᠨ ᠡᠪᠡᠳᠴᠢᠨ ᠢ ᠵᠢᠬᠰᠠᠭᠠᠪᠠᠯ᠂ ᠬᠦᠬᠦᠨ ᠤ ᠪᠣᠯᠴᠢᠷᠬᠠᠢ ᠶᠢᠨ ᠦᠮᠠᠨ᠂ ᠬᠤᠲᠤᠷᠢᠩᠬᠠᠢ ᠬᠡᠳᠡᠰᠤ ᠬᠤᠰᠬᠢᠨᠠᠭ ᠤᠨ ᠦᠮᠠᠨ᠂ ᠠᠭᠤᠰᠬᠢᠨ  ᠦᠮᠠᠨ ᠪᠤᠯᠤᠨ ᠰᠠᠪᠠᠨ  ᠤ ᠬᠦᠵᠦᠭᠦᠨ ᠦᠮᠠᠨ᠃

    ᠤᠶᠢᠯᠠᠭᠠᠭᠰᠠᠨ ᠢᠶᠡᠷ᠂ ᠤᠯᠠᠩᠬᠢ ᠡᠪᠡᠳᠴᠢᠨ ᠤ ᠵᠢᠱᠢᠶ᠎ᠠ ᠶᠢ ᠤᠷᠢᠳᠴᠢᠯᠠᠨ ᠰᠡᠷᠭᠡᠶᠢᠯᠡᠬᠦ ᠪᠤᠶᠤ ᠡᠷᠲᠡ ᠮᠡᠳᠡᠵᠤ ᠡᠷᠲᠠ ᠡᠮᠨᠡᠵᠤ ᠪᠤᠯᠤᠨ᠎ᠠ᠂ ᠢᠩᠬᠢᠪᠡᠯ ᠡᠪᠡᠳᠴᠢᠲᠠᠨ ᠤ ᠠᠮᠢᠳᠤᠷᠠᠬᠤ ᠨᠤᠷᠮ᠎ᠠ ᠶᠢ ᠨᠡᠮᠡᠭᠳᠡᠭᠦᠯᠵᠤ ᠴᠢᠳᠠᠨ᠎ᠠ᠃

ᠢᠷᠡᠯᠳᠡ᠄ ᠰᠢᠨᠬᠣᠧᠠ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119842907