蒙古文网站Logo
ᠰᠢᠨᠬᠤᠸᠠ ᠮᠤᠩᠭ᠋ᠤᠯ ᠨᠧᠲ

ᠡᠪᠦᠯ ᠤᠨ ᠤᠯᠠᠷᠢᠯ  ᠳᠤ ᠬᠤᠭᠤᠯᠠ ᠤᠮᠳᠠ ᠶᠢᠨ  ᠢᠶᠡᠨ《ᠱᠣᠷᠪᠤᠭ  ᠢ ᠪᠠᠭᠠᠰᠬᠠᠨ ᠭᠠᠰᠢᠭᠤᠨ ᠢ ᠶᠡᠬᠡᠰᠬᠡᠵᠤ 》 ᠪᠤᠯᠤᠨ᠎ᠠ

2016-11-09 11:26

    ᠰᠢᠨᠬᠣᠧᠠ ᠬᠣᠷᠢᠶ᠎ᠠ  ᠲᠢᠶᠠᠨᠵᠢᠨ ᠤ 11 ᠰᠠᠷ᠎ᠠ ᠶᠢᠨ 7 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠷᠦᠨ ᠵᠢᠶᠠᠨ) 2016 ᠤᠨ ᠤ 11 ᠰᠠᠷ᠎ᠠ ᠶᠢᠨ 7 ᠤ ᠡᠳᠦᠷ ᠡᠪᠦᠯ ᠤᠨ ᠠᠭᠤᠷ ᠢ ᠤᠭᠲᠤᠯ᠎ᠠ᠃ ᠰᠢᠮ᠎ᠠ ᠲᠡᠵᠢᠭᠡᠯ ᠤᠨ ᠮᠡᠷᠭᠡᠵᠢᠯᠲᠡᠨ ᠤ ᠰᠠᠨᠠᠭᠤᠯᠤᠭᠰᠠᠨ  ᠢᠶᠡᠷ᠂ ᠲᠤᠰ ᠤᠯᠠᠷᠢᠯ ᠳᠤ ᠬᠦᠮᠦᠰ ᠰᠢᠮ᠎ᠠ ᠲᠡᠵᠢᠭᠡᠯ ᠨᠦᠬᠦᠪᠦᠷᠢᠯᠡᠬᠦ ᠳᠤ ᠪᠡᠨ ᠬᠤᠭᠤᠯᠠ ᠤᠮᠳᠠ ᠶᠢᠨ  ᠢᠶᠡᠨ ᠱᠣᠷᠪᠤᠭ  ᠢ ᠪᠠᠭᠠᠰᠬᠠᠵᠤ ᠭᠠᠰᠢᠭᠤᠨ ᠢ ᠶᠡᠬᠡᠰᠬᠡᠪᠡᠯ ᠵᠣᠬᠢᠨ᠎ᠠ᠃

    ᠡᠪᠦᠯ ᠤᠨ ᠠᠭᠤᠷ ᠤᠷᠤᠭᠰᠠᠨ ᠤ ᠳᠠᠷᠠᠭ᠎ᠠ ᠴᠠᠭ ᠠᠭᠠᠷ ᠡᠳᠦᠷ ᠢᠷᠡᠬᠦᠶ᠎ᠠ ᠬᠦᠢᠲᠡᠷᠡᠵᠤ᠂ ᠶᠠᠭ ᠰᠠᠶᠢᠬᠠᠨ ᠰᠢᠮ᠎ᠠ ᠲᠠᠵᠢᠭᠡᠯ ᠨᠦᠬᠦᠪᠦᠷᠢᠯᠡᠬᠦ ᠴᠢᠬᠤᠯᠠ ᠲᠠᠢ ᠪᠣᠯᠵᠡᠢ᠃ ᠲᠢᠶᠠᠨᠵᠢᠨ ᠤ ᠬᠢᠳᠡᠳ ᠡᠮ ᠡᠮᠨᠡᠯᠬᠡ ᠶᠢᠨ ᠶᠡᠬᠡ ᠰᠤᠷᠭᠠᠭᠤᠯᠢ ᠶᠢᠨ ᠨᠢᠬᠡᠳᠤᠭᠡᠷ ᠬᠠᠷᠢᠶᠠᠳᠤ ᠡᠮᠨᠡᠯᠭᠡ ᠶᠢᠨ ᠰᠢᠮ᠎ᠠ ᠲᠡᠵᠢᠬᠡᠯ ᠤᠨ ᠰᠠᠯᠪᠤᠷᠢ ᠶᠢᠨ ᠡᠷᠬᠢᠯᠡᠭᠴᠢ ᠯᠢ ᠶᠠᠨ ᠯᠢᠩ ᠂ ᠡᠪᠦᠯ ᠤᠨ ᠤᠯᠠᠷᠢᠯ ᠳᠤ ᠰᠢᠮ᠎ᠠ ᠲᠡᠵᠢᠬᠡᠯ ᠨᠦᠬᠦᠪᠦᠷᠢᠯᠡᠪᠠᠯ ᠬᠦᠮᠦᠨ ᠤ ᠪᠡᠶ᠎ᠠ ᠶᠢᠨ ᠠᠷᠭ᠎ᠠ ᠬᠡᠢ ᠶᠢ ᠰᠣᠪᠢᠯᠠᠵᠤ᠂ ᠪᠡᠶ᠎ᠠ  ᠶᠢᠨ ᠲᠤᠯᠠᠭᠠᠨ ᠢ ᠪᠠᠲᠤᠯᠠᠨ᠎ᠠ᠂ ᠲᠡᠶᠢᠮᠦ ᠡᠴᠡ ᠲᠡᠬᠢᠶᠠᠨ ᠮᠢᠬ᠎ᠠ᠂ ᠬᠣᠨᠢᠨ ᠤ ᠮᠢᠬ᠎ᠠ᠂ ᠠᠯᠢᠮ᠎ᠠ᠂ ᠲᠡᠤᠯᠠᠢ ᠶᠢᠨ ᠪᠦᠭᠡᠷ᠎ᠠ ᠵᠡᠷᠭᠡ ᠢᠳᠡᠭᠡᠨ ᠢ ᠰᠤᠩ᠋ᠭᠤᠵᠤ ᠢᠳᠡᠬᠦ ᠶᠢᠨ ᠬᠠᠮᠲᠤ ᠺᠠᠯᠢ᠂ ᠨᠠᠲ᠋ᠷᠢ᠂ ᠺᠡᠯᠼ ᠵᠡᠷᠭᠡ ᠡᠷᠦᠳᠡᠰᠤ ᠳᠠᠪᠤᠰᠤ ᠠᠭᠤᠯᠤᠭᠰᠠᠨ ᠢᠳᠡᠭᠡᠨ  ᠢ ᠢᠯᠡᠬᠦᠦ ᠢᠳᠡᠪᠡᠯ ᠵᠢᠷᠦᠬᠡᠨ ᠤ ᠰᠤᠳᠠᠯ ᠤᠨ ᠡᠪᠡᠳᠴᠢᠨ ᠵᠡᠷᠭᠡ ᠶᠢ ᠰᠠᠷᠬᠡᠶᠢᠯᠠᠵᠦ ᠴᠢᠳᠠᠨ᠎ᠠ ᠬᠡᠵᠡᠢ᠃

ᠢᠷᠡᠯᠳᠡ᠄ ᠰᠢᠨᠬᠣᠧᠠ ᠬᠣᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119879596