蒙古文网站Logo
ᠰᠢᠨᠬᠤᠸᠠ ᠮᠤᠩᠭ᠋ᠤᠯ ᠨᠧᠲ

ᠵᠢᠮᠢᠰ ᠨᠤᠭᠤᠭ᠎ᠠ ᠶᠢ ᠬᠦᠯᠳᠡᠭᠡᠬᠦᠷ ᠲᠤ ᠬᠠᠳᠠᠭᠠᠯᠠᠬᠤ ᠳᠤ ᠪᠡᠨ ᠭᠢᠯᠠᠭᠠᠷ ᠤᠭᠤᠲᠠᠠ ᠡᠴᠡ ᠨᠢ ᠭᠠᠷᠭᠠᠭᠠᠷᠠᠢ

2016-11-09 11:29

    ᠤᠯᠠᠩᠬᠢ ᠬᠦᠮᠦᠨ ᠵᠢᠮᠢᠰ ᠨᠤᠭᠤᠭ᠎ᠠ ᠬᠤᠳᠠᠯᠳᠤᠵᠤ ᠠᠪᠴᠢᠷᠠᠭᠰᠠᠭᠠᠷ ᠬᠦᠯᠳᠡᠭᠡᠬᠦᠷ ᠲᠡᠭᠡᠨ ᠭᠢᠯᠠᠭᠠᠷ ᠤᠭᠤᠳᠠ ᠲᠠᠢ ᠨᠢ ᠬᠢᠴᠢᠭᠡᠳᠡᠭ᠂ ᠢᠩᠬᠢᠬᠦ ᠨᠢ ᠡᠷᠡᠬᠦᠯ ᠮᠠᠨᠳᠦ ᠳᠤ ᠳᠠᠯᠳᠠ ᠬᠤᠤᠷ ᠲᠠᠢ ᠪᠠᠶᠢᠳᠠᠭ᠃

    ᠡᠩ ᠲᠡᠷᠢᠬᠦᠨ ᠳᠤ᠂ ᠵᠠᠷᠢᠮ ᠭᠢᠯᠠᠭᠠᠷ ᠤᠭᠤᠳᠠ  ᠰᠠᠯᠬᠢ ᠨᠡᠪᠳᠡᠷᠡᠬᠦ ᠴᠢᠨᠠᠷ ᠢᠶᠠᠷ ᠠᠨᠠᠢ᠂ ᠤᠭᠤᠳᠠᠨ ᠳᠤ ᠴᠢᠬᠢᠭ᠌ ᠤᠯᠠᠨ ᠪᠤᠯ ᠬᠦᠴᠢᠯᠳᠦ᠋ᠷᠦᠭᠴᠢ ᠶᠢᠨ ᠭᠡᠮᠵᠢᠶ᠎ᠡ  ᠪᠠᠭᠠᠰᠤᠨ ᠵᠢᠮᠢᠰ ᠨᠤᠭᠤᠭ᠎ᠠ ᠳᠤ ᠬᠦᠴᠢᠯᠳᠦ᠋ᠷᠦᠭᠴᠢ ᠬᠠᠩ᠋ᠭᠠᠬᠤ ᠪᠡᠨ ᠪᠤᠯᠢᠵᠤ ᠶᠡᠭᠡ ᠭᠡᠮᠵᠢᠶᠡᠨ ᠤ ᠰᠫᠢᠷᠲ ᠡᠬᠦᠰᠭᠡᠨ᠎ᠠ᠂ ᠪᠠᠰᠠ ᠪᠠᠺᠲ᠋ᠧᠷᠢ ᠦᠷᠡᠵᠢᠬᠦᠯᠦᠨ᠂ ᠵᠢᠮᠢᠰ ᠨᠤᠭᠤᠭᠠᠨ ᠤ ᠠᠶᠤᠯᠬᠦᠢ ᠪᠡ ᠰᠢᠮ᠎ᠡ ᠲᠡᠵᠢᠭᠡᠯ ᠤᠨ ᠦᠷᠲᠡᠭ ᠢ ᠶᠡᠭᠡᠪᠡᠷ ᠪᠠᠭᠤᠷᠠᠭᠤᠯᠳᠠᠭ᠃ ᠳᠠᠷᠠᠭᠠᠯᠠᠪᠠᠯ ᠂ ᠦᠩᠭᠡ ᠲᠠᠢ ᠭᠢᠯᠠᠭᠠᠷ ᠤᠭᠤᠳᠠ ᠶᠢᠨ ᠪᠤᠳᠤᠭ ᠤᠷᠤᠭᠤᠯᠤᠭᠴᠢ ᠡᠳ᠋ ᠲᠤ ᠦᠮᠡᠨ ᠡᠬᠦᠰᠭᠡᠬᠦ ᠡᠳ᠋ ᠠᠭᠤᠯᠤᠭᠳᠠᠵᠤ᠂ ᠢᠳᠡᠭᠡᠨ ᠲᠠᠢ ᠬᠦᠷᠦᠯᠴᠡᠭᠰᠡᠨ ᠤ ᠳᠠᠷᠠᠭ᠎ᠠ ᠢᠯᠵᠡᠷᠡᠭᠤᠯᠵᠦ ᠮᠡᠳᠡᠨ᠎ᠡ᠃ ᠳᠠᠬᠢᠪᠠᠯ᠂ ᠦᠢᠯᠡᠳᠪᠦᠷᠢᠯᠡᠭᠰᠡᠨ ᠮᠠᠲ᠋ᠧᠷᠢᠶᠠᠯ ᠨᠢ ᠬᠢᠷᠢ ᠲᠡᠩᠴᠡᠬᠦ ᠦᠭᠡᠢ ᠪᠤᠯ ᠭᠢᠯᠠᠭᠠᠷ ᠤᠭᠤᠳᠠ ᠶᠢᠨ ᠦᠢᠯᠡᠳᠪᠦᠷᠢᠯᠡᠬᠦ ᠡᠳ᠋ ᠨᠢ ᠢᠳᠡᠬᠡᠨ ᠳᠤ ᠰᠢᠩᠭᠡᠵᠤ ᠬᠦᠮᠦᠨ ᠤ ᠪᠡᠶ᠎ᠡ  ᠳᠤ ᠬᠤᠤᠷ ᠪᠤᠯᠬᠤ ᠠᠶᠤᠯᠳᠠᠢ᠃

    ᠵᠦᠪ ᠬᠢᠳᠡᠯ ᠨᠢ ᠰᠢᠨ᠎ᠡ ᠰᠤᠷᠭᠤᠭ  ᠢᠶᠡᠷ ᠬᠠᠳᠠᠭᠠᠯᠠᠬᠤ ᠪᠦᠷᠬᠦᠬᠦᠯ  ᠢ ᠵᠠᠷᠤᠨ᠎ᠠ᠃ ᠡᠭᠦᠨ ᠳᠤ ᠬᠤᠳᠠᠯᠳᠤᠨ ᠠᠪᠬᠤ ᠳᠠᠭᠠᠨ ᠨᠢᠭᠡ ᠳᠤ ᠦᠩᠭᠡ ᠶᠢ ᠨᠢ ᠦᠵᠡᠨ᠎ᠡ᠄ ᠪᠠᠭ᠎ᠠ ᠰᠢᠷᠠᠯᠠᠵᠤ ᠬᠠᠷᠠᠭᠳᠠᠵᠤ ᠪᠠᠶᠢᠭ᠎ᠠ ᠨᠢ PVC ᠮᠠᠲ᠋ᠧᠷᠢᠶᠠᠯ᠂ ᠴᠠᠭᠠᠨ ᠦᠩᠭᠡ ᠲᠠᠢ ᠨᠢ PE ᠮᠠᠲ᠋ᠧᠷᠢᠶᠠᠯ᠃ ᠬᠤᠶᠠᠷ ᠲᠤ ᠲᠡᠮᠳᠡᠷᠢᠵᠦ ᠦᠵᠡᠨ᠎ᠡ᠄ PE ᠰᠢᠨ᠎ᠡ ᠰᠤᠷᠭᠤᠭ  ᠢᠶᠡᠷ ᠬᠠᠳᠠᠭᠠᠯᠠᠬᠤ ᠪᠦᠷᠬᠦᠬᠦᠯ  ᠨᠢ ᠨᠠᠭᠠᠯᠳᠤᠮᠠᠳᠠᠭᠠᠢ ᠴᠢᠨᠡᠷ ᠢᠶᠠᠷ ᠠᠨᠠᠢ᠂ ᠲᠡᠮᠳᠡᠷᠢᠵᠦ ᠨᠢᠳᠡᠷᠡᠪᠡᠯ ᠠᠮᠠᠷᠬᠠᠨ ᠨᠡᠭᠡᠭᠡᠭ᠍ᠳᠡᠴᠢᠭᠡᠳᠡᠭ᠂ ᠬᠠᠷᠢᠨ PVC ᠰᠤᠷᠭᠤᠭ  ᠢᠶᠡᠷ ᠬᠠᠳᠠᠭᠠᠯᠠᠬᠤ ᠪᠦᠷᠬᠦᠬᠦᠯ ᠠᠮᠠᠷᠬᠠᠨ ᠨᠡᠭᠡᠭᠡᠭ᠍ᠳᠡᠳᠡᠭ ᠦᠭᠡᠢ᠃ ᠨᠤᠭᠤᠭᠠᠨ ᠨᠠᠪᠴᠢᠳᠤ ᠨᠤᠭᠤᠭ᠎ᠠ  ᠶᠢ ᠬᠠᠳᠠᠭᠠᠯᠠᠬᠤ ᠳᠤ ᠪᠡᠨ ᠨᠠᠪᠴᠢᠨ ᠲᠡᠭᠡᠷ᠎ᠡ ᠨᠢ ᠤᠰᠤ ᠰᠦᠷᠴᠢᠭᠡᠳ ᠰᠤᠷᠭᠤᠭ  ᠢᠶᠡᠷ ᠬᠠᠳᠠᠭᠠᠯᠠᠬᠤ ᠪᠦᠷᠬᠦᠬᠦᠯ ᠳᠤ ᠪᠤᠭᠤᠵᠤ 0 ᠡᠴᠡ 8 ᠭᠷᠡᠳᠦ᠋ᠰ ᠤᠨ ᠬᠤᠭᠤᠷᠤᠨᠳᠤ  ᠬᠠᠳᠠᠭᠠᠯᠠᠨ᠎ᠠ᠂ ᠭᠡᠬᠦ ᠳᠡᠭᠡᠨ 3 ᠡᠳᠦᠷ ᠠᠴᠠ ᠭᠡᠳᠦᠷᠡᠬᠦᠯᠬᠦ ᠦᠭᠡᠢ ᠪᠤᠯ ᠰᠠᠶᠢᠨ᠃

ᠢᠷᠡᠯᠳᠡ᠄ ᠳᠤᠮᠳᠠᠳᠤ ᠤᠯᠤᠰ ᠤᠨ ᠮᠣᠩᠭᠣᠯ ᠬᠡᠯᠡᠨ ᠤ ᠰᠣᠨᠢᠨ ᠮᠡᠳᠡᠬᠡ ᠶᠢᠨ ᠰᠦᠯᠵᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119879608