蒙古文网站Logo
ᠰᠢᠨᠬᠤᠸᠠ ᠮᠤᠩᠭ᠋ᠤᠯ ᠨᠧᠲ

ᠲᠤᠭᠤᠰᠤᠨᠴᠢᠷ ᠮᠠᠨᠠᠨ ᠲᠠᠢ ᠦᠷᠯᠦᠭᠡ ᠪᠡᠶ᠎ᠡ ᠪᠤᠯᠪᠠᠰᠤᠷᠠᠬᠤ ᠦᠭᠡᠢ ᠪᠤᠯ ᠰᠠᠶᠢᠨ

2016-11-16 11:08

    ᠲᠤᠭᠤᠰᠤᠨᠴᠢᠷ ᠮᠠᠨᠠᠨ ᠲᠠᠢ ᠡᠳᠤᠷ᠂ ᠠᠭᠠᠷ‌‍ ᠲ᠋ᠤᠳᠤᠷ᠎ᠠ ᠨᠠᠷᠢᠨ ᠲᠤᠭᠤᠰᠤ᠂ ᠤᠳᠤᠭ᠎ᠠ ᠲᠤᠭᠤᠰᠤ ᠳᠡᠭᠳᠡᠵᠤ ᠪᠠᠶᠢᠬᠤ ᠪᠡᠷ ᠪᠠᠷᠠᠬᠤ ᠦᠬᠡᠢ ᠲᠤᠭᠤᠰᠤᠨ ᠬᠠᠴᠢᠭ ᠴᠦ ᠨᠢᠭᠤᠭᠳᠠᠵᠤ‌‍ ᠪᠠᠶᠢᠳᠠᠭ ᠪᠤᠯᠬᠤᠷ ᠮᠦᠭᠡᠷᠰᠤᠨ ᠬᠤᠭᠤᠯᠠᠢ  ᠶᠢᠨ ᠬᠢᠷᠬᠢᠷ᠎ᠡ  ᠲᠠᠢ ᠡᠪᠡᠳᠴᠢᠲᠠᠨ ᠡᠳᠡᠭᠡᠷ ᠬᠠᠷᠰᠢᠯ ᠲᠦᠷᠦᠭᠦᠯᠦᠭᠴᠢ  ᠶᠢ ᠠᠮᠢᠰᠬᠤᠵᠤ‌ ᠤᠷᠤᠭᠤᠯᠪᠡᠯ ᠠᠮᠢᠰᠬᠤᠯ ᠤᠨ ᠵᠠᠮ  ᠳᠤ ᠨᠢ ᠰᠡᠳᠡᠯᠲᠡ ᠦᠭᠴᠤ ᠬᠠᠨᠢᠶᠠᠬᠤ᠂ ᠪᠣᠬᠢᠨᠢᠳᠤᠬᠤ ᠵᠡᠷᠭᠡ ᠬᠢᠷᠬᠢᠷ᠎ᠡ ᠡᠪᠡᠳᠴᠢᠨ ‍ᠤ‌ ᠢᠯᠡᠷᠡᠯ ᠡᠬᠦᠰᠳᠡᠭ᠃ ᠬᠦᠮᠦᠨ ᠬᠡᠪ ᠤᠨ ᠪᠠᠶᠢᠳᠠᠯ ᠳᠤ ᠠᠮᠢᠰᠬᠤᠭ᠎ᠠ ᠠᠪᠬᠤ ᠪᠦᠷᠢ ᠪᠠᠷᠤᠭ 50 ᠲᠦᠮᠡᠨ ᠪᠢᠴᠢᠯ‌ ᠮᠦ᠋ᠬᠦᠯᠢᠭ᠌ ᠢ ᠠᠮᠢᠰᠬᠤᠵᠤ ᠤᠷᠤᠭᠤᠯᠳᠠᠭ᠂ ᠭᠡᠪᠡᠴᠤ ᠪᠤᠬᠢᠷᠳᠤᠯ ᠬᠦᠷᠲᠡᠭᠰᠡᠨ ᠠᠭᠠᠷ  ᠲᠤ ᠠᠮᠢᠰᠬᠤᠵᠤ ᠤᠷᠤᠭᠤᠯᠬᠤ ᠪᠢᠴᠢᠯ‌ ᠮᠦ᠋ᠬᠦᠯᠢᠭ᠌ ᠨᠢ ᠬᠡᠪ ᠤᠨ ᠪᠠᠶᠢᠳᠠᠯ ᠠᠴᠠ 100 ᠲᠠᠬᠢᠨ ᠢᠯᠡᠬᠦᠦ ᠪᠠᠶᠢᠳᠠᠭ᠃

    ᠨᠠᠮᠤᠷ ᠡᠪᠦᠯ ᠤᠨ ᠦᠷᠯᠦᠭᠡ ᠶᠢᠨ ᠮᠠᠨᠠᠨ ᠬᠦᠢᠲᠡᠨ ᠮᠦᠷᠲᠡᠭᠡᠨ ᠵᠤᠵᠠᠭᠠᠨ᠂ ᠶᠡᠭᠡ ᠬᠡᠮᠵᠢᠶ᠎ᠡ  ᠪᠠᠷ ᠠᠮᠢᠰᠬᠤᠵᠤ ᠤᠷᠤᠭᠤᠯᠪᠠᠯ ‌ᠠᠭᠤᠰᠬᠢ ᠶᠢ ᠭᠡᠮᠲᠤᠭᠡᠨ᠎ᠠ᠃ ᠡᠷᠲᠡ ᠶᠢᠨ ᠪᠤᠯᠪᠠᠰᠤᠷᠠᠯ ᠬᠢᠳᠡᠭ ᠨᠠᠰᠤᠲᠠᠶᠢᠴᠤᠳ 9 ᠴᠠᠭ ᠠᠴᠠ ᠰᠡᠬᠦᠯᠡᠷ ᠮᠠᠨᠠᠨ ‌ᠠᠷᠢᠯᠤᠭᠰᠠᠨ ᠤ ᠲᠠᠷᠠᠭ᠎ᠠ ᠪᠡᠶ᠎ᠡ ᠪᠤᠯᠪᠠᠰᠤᠷᠠᠪᠠᠯ ᠬᠠᠮᠤᠭ ᠤᠨ ᠰᠠᠶᠢᠨ᠃ (ᠳᠤᠮᠳᠠᠳᠤ ᠤᠯᠤᠰ ᠤᠨ ᠬᠢᠲᠠᠳ ᠠᠨᠠᠭᠠᠬᠤ ᠤᠬᠠᠭᠠᠨ ᠤ ᠳᠡᠭᠡᠲᠤ ᠰᠣᠷᠭᠠᠭᠤᠯᠢ  ᠶᠢᠨ ᠫᠷᠤᠹᠧᠰᠰᠤᠷ ᠶᠠᠩ ᠯᠢ)

ᠢᠷᠡᠯᠳᠡ᠄ ᠠᠷᠠᠳ ᠤᠨ ᠰᠦᠯᠵᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119923173