蒙古文网站Logo
ᠰᠢᠨᠬᠤᠸᠠ ᠮᠤᠩᠭ᠋ᠤᠯ ᠨᠧᠲ

ᠤᠢ ᠪᠢᠯᠢᠭ᠌ ᠰᠠᠶᠢᠵᠢᠷᠠᠭᠤᠯᠬᠤ ᠺᠤᠮᠫᠢᠦ᠋ᠲ᠋ᠸᠷ ᠤᠨ ᠳᠤᠭᠯᠠᠭᠠᠮ ᠨᠢ ᠨᠠᠰᠤᠳᠠᠶᠢᠴᠤᠳ ᠤᠨ ᠵᠦᠨᠦᠭ ᠡᠪᠡᠳᠴᠢᠨ ᠢ ᠰᠡᠷᠭᠡᠶᠢᠯᠡᠨ᠎ᠠ ᠭᠡᠵᠤ ᠰᠤᠳᠤᠯᠤᠭᠴᠢᠳ ᠦᠵᠡᠵᠡᠢ

2016-11-29 17:04

    ᠺᠤᠮᠫᠢᠦ᠋ᠲ᠋ᠸᠷ ᠤᠨ ᠲᠠᠨᠢᠨ ᠮᠠᠳᠡᠬᠦᠢ ᠶᠢᠨ ᠪᠤᠯᠪᠠᠰᠤᠷᠠᠯ ᠨᠢ ᠲᠠᠨᠢᠨ ᠮᠠᠳᠡᠬᠦᠢ ᠶᠢᠨ ᠬᠦᠩᠬᠡᠨ ᠪᠡᠷᠬᠡᠰᠢᠶᠡᠯ ᠲᠠᠢ ᠡᠪᠡᠳᠴᠢᠲᠡᠡ ᠤ ᠴᠡᠭᠡᠵᠢᠯᠡᠬᠦ ᠴᠢᠳᠠᠪᠤᠷᠢ ᠵᠢ ᠰᠠᠶᠢᠵᠢᠷᠠᠭᠤᠯᠵᠤ ᠴᠢᠳᠠᠬᠤ ᠮᠦᠷᠲᠡᠭᠡᠨ ᠨᠠᠰᠤᠳᠠᠶᠢᠴᠤᠳ ᠤᠨ ᠵᠦᠨᠦᠭ ᠡᠪᠡᠳᠴᠢᠨ ᠡᠴᠡ ᠰᠡᠷᠭᠡᠶᠢᠯᠡᠵᠦ ᠴᠢᠳᠠᠨ᠎ᠠ ᠭᠡᠳᠡᠭ ᠢ ᠠᠦ᠋ᠰᠲ᠋ᠷᠡᠯᠢᠶ᠎ᠠ ᠶᠢᠨ ᠰᠢᠳ᠋ᠨᠢ ᠶᠡᠬᠡ ᠰᠤᠷᠭᠠᠭᠤᠯᠢ ᠰᠤᠳᠤᠯᠭᠠᠨ ᠢᠶᠡᠷ ᠢᠯᠡᠷᠡᠭᠦᠯᠵᠡᠢ᠃

    ᠲᠤᠰ ᠤᠢ ᠪᠢᠯᠢᠭ᠌ ᠰᠠᠶᠢᠵᠢᠷᠠᠭᠤᠯᠬᠤ ᠺᠤᠮᠫᠢᠦ᠋ᠲ᠋ᠸᠷ ᠤᠨ ᠳᠤᠭᠯᠠᠭᠠᠮ ᠤᠨ ᠪᠤᠯᠪᠠᠰᠤᠷᠠᠯ ᠨᠢ ᠵᠦᠪᠬᠡᠨ ᠨᠠᠰᠤᠳᠠᠶᠢᠴᠤᠳ ᠤᠨ ᠵᠦᠨᠦᠭ ᠡᠪᠡᠳᠴᠢᠨ ᠳᠤᠰᠬᠤ ᠠᠶᠤᠯ ᠲᠠᠢ ᠬᠦᠮᠦᠰ ᠲᠤ ᠤᠶᠢᠯᠠᠳᠤᠯ ᠦᠵᠡᠬᠦᠯᠬᠦ ᠡᠴᠡ ᠪᠢᠰᠢ ᠨᠢᠭᠡᠨᠲᠡ ᠵᠦᠨᠤᠭ᠌ ᠡᠪᠡᠳᠴᠢᠨ ᠳᠤ ᠨᠡᠷᠪᠡᠭ᠍ᠳᠡᠭᠰᠡᠨ ᠬᠦᠮᠦᠰ ᠲᠤ ᠤᠶᠢᠯᠡᠳᠦᠯ ᠦᠵᠡᠬᠦᠯᠬᠦ ᠦᠭᠡᠢ ᠬᠡᠳᠡᠭ ᠢ ᠴᠤ 20 ᠭᠠᠷᠤᠢ ᠵᠢᠯ ᠤᠨ ᠰᠤᠳᠤᠯᠭᠠᠨ ᠢᠶᠡᠷ ᠢᠯᠡᠷᠡᠭᠦᠯᠦᠭᠰᠡᠨ ᠪᠠᠶᠢᠨ᠎ᠠ᠃

    ᠰᠤᠳᠤᠯᠤᠭᠠᠳᠠᠳ᠂ ᠲᠤᠰ ᠪᠤᠯᠪᠠᠰᠤᠷᠠᠯ ᠨᠢ ᠤᠢ ᠪᠢᠯᠢᠭ᠌ ᠤᠨ ᠴᠢᠳᠠᠪᠤᠷᠢ ᠮᠠᠭᠤᠲᠠᠬᠤ ᠠᠶᠤᠯ ᠲᠠᠢ ᠬᠦᠮᠦᠰ ᠤᠨ ᠤᠢ ᠪᠢᠯᠢᠭ᠌  ᠢ ᠲᠡᠷᠡ ᠪᠠᠶᠢᠳᠠᠯ ᠪᠡᠷ ᠨᠢ ᠪᠠᠷᠢᠮᠲᠠᠯᠠᠭᠤᠯᠵᠤ ᠴᠢᠳᠠᠬᠤ ᠮᠦᠷᠲᠡᠭᠡᠨ ᠳᠡᠭᠡᠭ᠍ᠰᠢᠯᠡᠭᠦᠯᠵᠦ ᠴᠢᠳᠠᠨ᠎ᠠ᠂ ᠪᠠᠰᠠ ᠡᠶᠢᠮᠦᠷᠬᠦ ᠡᠮᠴᠢᠯᠡᠬᠡᠨ ᠤ ᠳᠦᠯᠦᠪᠦᠷᠢ ᠨᠢ ᠬᠢᠮᠳᠠ ᠮᠦᠷᠲᠡᠭᠡᠨ ᠠᠶᠤᠯ ᠦᠭᠡᠢ ᠭᠡᠵᠠᠢ᠃

    ᠲᠤᠰ ᠳᠤᠭᠯᠠᠭᠠᠮ ᠨᠢ ᠺᠤᠮᠫᠢᠦ᠋ᠲ᠋ᠸᠷ ᠲᠤ ᠠᠰᠠᠭᠤᠯᠲᠠ ᠬᠠᠷᠢᠭᠤᠯᠤᠨ ᠠᠯᠬᠤᠮ ᠳᠠᠪᠰᠢᠬᠤ ᠠᠷᠭ᠎ᠠ ᠪᠡᠷ ᠶᠠᠪᠤᠭᠳᠠᠳᠠᠭ᠂ ᠲᠤᠰᠬᠠᠢ ᠮᠡᠷᠭᠡᠵᠢᠯᠳᠡᠳ ᠤᠶᠤᠨ ᠤ ᠰᠡᠳᠭᠢᠴᠡ ᠵᠦᠢ ᠶᠢᠨ ᠤᠨᠤᠯ ᠳᠤ ᠰᠠᠭᠤᠷᠢᠯᠠᠨ᠂ ᠲᠤᠰᠬᠠᠶᠢᠯᠠᠨ ᠤᠢ ᠪᠢᠯᠢᠭ᠌ ᠤᠨ ᠴᠢᠳᠠᠪᠤᠷᠢ ᠵᠢ ᠳᠡᠭᠡᠭ᠍ᠰᠢᠯᠡᠭᠦᠯᠬᠦ ᠵᠤᠷᠢᠭᠤᠯᠤᠯᠳᠠ ᠲᠠᠢ ᠪᠡᠷ ᠳᠤᠭᠯᠠᠭᠠᠮ ᠤᠨ ᠢᠶᠡᠨ ᠳ᠋ᠢᠽᠠᠶᠢᠨ ᠢ ᠬᠢᠭ᠍ᠰᠡᠨ ᠶᠤᠮ᠃ (ᠳᠠᠳᠤᠯᠭ᠎ᠠ ᠶᠢᠨ ᠰᠤᠷᠤᠭᠴᠢ ᠳᠠᠶᠢᠴᠢᠨ ᠤᠷᠴᠢᠭᠤᠯᠪᠠ)

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701120015380