蒙古文网站Logo
ᠰᠢᠨᠬᠤᠸᠠ ᠮᠤᠩᠭ᠋ᠤᠯ ᠨᠧᠲ

ᠴᠢᠪᠠᠭᠠᠨ ᠴᠢᠮᠦᠬᠡ  ᠳᠤ ᠤᠮᠳᠤᠭᠠᠢᠢᠯᠠᠵᠤ ᠪᠤᠯᠤᠰᠢ ᠦᠬᠡᠢ ᠰᠢᠮ᠎ᠠ ᠲᠡᠵᠢᠬᠡᠯ ᠠᠭᠤᠯᠤᠭᠳᠠᠵᠤ ᠪᠤᠢ

2016-12-20 11:35

    ᠤᠯᠠᠭᠠᠨ ᠴᠢᠪᠠᠭ᠎ᠠ ᠭᠡᠢ ᠴᠢᠰᠦ ᠶᠢ ᠨᠦᠬᠦᠪᠦᠷᠢᠯᠡᠵᠦ᠂ ᠰᠡᠳᠬᠢᠯ ᠰᠠᠨᠠᠭ᠎ᠠ ᠶᠢ ᠠᠮᠤᠷᠵᠢᠭᠤᠯᠬᠤ ᠦᠢᠯᠡᠳᠦᠯ ᠲᠠᠢ᠃ ᠶᠡᠷᠦ ᠳᠤ ᠪᠡᠨ ᠪᠢᠳᠡ ᠴᠢᠪᠠᠭ᠎ᠠ ᠢᠳᠡᠵᠦ ᠪᠠᠷᠠᠪᠠᠯ ᠴᠢᠮᠦᠭᠡ ᠶᠢ ᠨᠢ ᠰᠢᠭᠤᠳ ᠬᠠᠶᠠᠴᠢᠬᠠᠳᠠᠭ᠂ ᠵᠠᠷᠢᠮ ᠬᠦᠮᠦᠨ ᠴᠢᠨᠠᠭᠰᠢᠯᠠᠪᠠᠯ ᠴᠢᠮᠦᠭᠡ ᠶᠢ  ᠨᠢ ᠠᠷᠢᠯᠭᠠᠭᠰᠠᠨ ᠴᠢᠪᠠᠭ᠎ᠠ ᠶᠢ ᠯᠡ ᠰᠤᠩᠭ᠋ᠤᠵᠤ ᠢᠳᠡᠳᠡᠭ᠃ ᠢᠩᠬᠢᠬᠦ ᠨᠢ᠂ ᠵᠦᠪᠬᠡᠨ ᠴᠢᠪᠠᠭᠠᠨ ᠵᠢᠮᠢᠰ ᠤᠨ ᠴᠢᠰᠦ ᠨᠦᠬᠦᠪᠦᠷᠢᠯᠡᠬᠦ ᠦᠢᠯᠡᠳᠦᠯ ᠢ ᠠᠰᠢᠭᠯᠠᠵᠤ᠂ ᠴᠢᠪᠠᠭᠠᠨ ᠴᠢᠮᠦᠭᠡ ᠶᠢᠨ ᠳᠠᠮᠢᠷ ᠤᠷᠤᠭᠤᠯᠬᠤ ᠦᠢᠯᠡᠳᠦᠯ ᠢ ᠤᠮᠳᠤᠭᠠᠢᠢᠯᠠᠵᠤ ᠪᠠᠶᠢᠭ᠎ᠠ ᠶᠤᠮ᠃

    ᠦᠷᠭᠦᠯᠵᠢ ᠴᠢᠪᠠᠭᠠᠨ ᠴᠢᠮᠦᠭᠡ ᠰᠢᠮᠡᠪᠡᠯ ᠰᠢᠯᠦᠰᠦ ᠬᠤᠷᠠᠮᠳᠤᠬᠤ ᠶᠢ ᠠᠬᠢᠭᠤᠯᠵᠤ᠂ ᠬᠤᠷᠠᠮᠳᠤᠭᠰᠠᠨ ᠰᠢᠯᠦᠰᠦ ᠪᠠᠨ ᠵᠠᠯᠬᠢᠪᠠᠯ ᠪᠡᠶ᠎ᠠ ᠶᠢᠨ ᠡᠷᠡᠭᠦᠯ ᠮᠡᠨᠳᠤ ᠳᠤ ᠨᠡᠩ ᠰᠠᠶᠢᠨ ᠬᠡᠵᠤ ᠡᠷᠳᠡᠨ ᠤ ᠠᠨᠠᠭᠠᠬᠤ ᠤᠬᠠᠭᠠᠨᠳᠠᠨ ᠯᠢ ᠱᠢ ᠵᠧᠨ ᠬᠡᠯᠡᠵᠤ ᠦᠩᠬᠡᠷᠡᠵᠡᠢ᠃ ᠦᠢᠯᠡᠳᠦᠯᠭᠡ ᠳᠤᠮᠳᠠ᠂ ᠴᠢᠪᠠᠭᠠᠨ ᠴᠢᠮᠦᠭᠡ ᠶᠢ ᠠᠮᠠᠨ ᠳᠠᠭᠠᠨ ᠰᠢᠮᠡᠪᠡᠯ ᠰᠢᠯᠦᠰᠦ ᠬᠤᠷᠠᠮᠳᠤᠬᠤ ᠶᠢ ᠠᠬᠢᠭᠤᠯᠳᠠᠭ᠂ ᠬᠦᠮᠦᠨ ᠤ ᠰᠢᠯᠦᠰᠦᠨ  ᠳᠤ ᠤᠯᠠᠨ ᠵᠦᠢᠯ ᠤᠨ ᠢᠰᠭᠡᠭᠦᠷ ᠠᠭᠤᠯᠵᠤ᠂ ᠲᠡᠷᠡ ᠨᠢ ᠰᠢᠩᠭᠡᠭᠡᠯᠳᠡ ᠶᠢ ᠠᠬᠢᠭᠤᠯᠬᠤ᠂ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠳᠡᠭᠡᠭ᠍ᠰᠢᠯᠡᠬᠦᠯᠬᠦ ᠵᠡᠷᠭᠡ ᠦᠢᠯᠡᠳᠦᠯ ᠲᠠᠢ᠂ ᠪᠠᠰᠠ ᠠᠮᠠ ᠬᠠᠳᠠᠬᠤ᠂ ᠠᠷᠠᠰᠤ ᠬᠠᠭᠤᠷᠠᠶᠢᠲᠠᠬᠤ᠂ ᠬᠤᠷᠭᠤᠰᠤᠯᠠᠬᠤ ᠵᠡᠷᠭᠡ ᠶᠢ ᠰᠠᠶᠢᠵᠢᠷᠠᠭᠤᠯᠵᠤ ᠴᠢᠳᠠᠬᠤ ᠪᠦᠭᠡᠳ ᠨᠢᠭᠤᠷ ᠴᠢᠷᠠᠢ ᠶᠢ ᠭᠤᠶᠤᠯᠠᠬᠤ ᠦᠢᠯᠡᠳᠦᠯ ᠲᠠᠢ᠃ ᠳᠡᠯᠢᠭᠦᠦ ᠬᠤᠳᠤᠭᠤᠳᠤ ᠠᠨᠠᠢ ᠨᠠᠰᠤᠳᠠᠶᠢᠴᠤᠳ ᠲᠤ ᠠᠤ‌‍ᠴᠦ ᠭᠡᠯᠡᠪᠡᠯ ᠴᠢᠪᠠᠭᠠᠨ ᠴᠢᠮᠦᠭᠡ ᠶᠢ ᠠᠮᠠᠨ ᠳᠠᠭᠠᠨ ᠰᠢᠮᠡᠬᠦ ᠨᠢ ᠬᠤᠳᠤᠭᠤᠳᠤ ᠭᠡᠳᠡᠰᠦ ᠶᠢ ᠵᠦᠭᠡᠯᠡᠷᠡᠬᠦᠯᠵᠦ᠂ ᠰᠢᠩᠭᠡᠭᠡᠯᠳᠡ ᠶᠢ ᠰᠠᠶᠢᠵᠢᠷᠠᠭᠤᠯᠬᠤ ᠦᠢᠯᠡᠳᠦᠯ ᠲᠠᠢ᠃

    ᠡᠶᠢᠮᠦ ᠠᠴᠠ ᠪᠢᠳᠡ ᠴᠢᠪᠠᠭ᠎ᠠ ᠢᠳᠡᠬᠦ ᠳᠡᠭᠡᠨ ᠴᠢᠮᠦᠭᠡ ᠶᠢ ᠨᠢ 10 — 15 ᠮᠢᠨᠦ᠋ᠲ ᠰᠢᠮᠡᠵᠤ᠂ ᠬᠤᠷᠠᠮᠳᠤᠭᠰᠠᠨ ᠰᠢᠯᠦᠰᠦ ᠪᠠᠨ ᠵᠠᠯᠬᠢᠵᠦ ᠪᠠᠶᠢᠪᠠᠯ ᠡᠷᠡᠭᠦᠯ ᠮᠡᠨᠳᠦ ᠳᠤ ᠳᠤᠰᠠᠳᠠᠢ ᠶᠤᠮ᠃ ᠭᠡᠪᠡᠴᠦ ᠠᠩᠬᠠᠷᠣᠭᠤᠰᠢᠲᠠᠢ ᠨᠢ ᠴᠢᠪᠡᠭᠠᠨ ᠴᠢᠮᠦᠭᠡ ᠪᠠᠨ ᠪᠢᠳᠡᠭᠡᠢ ᠵᠠᠯᠬᠢᠵᠦ ᠤᠷᠤᠭᠤᠯᠤᠭᠠᠷᠠᠢ᠂ ᠪᠠᠭ᠎ᠠ ᠭᠡᠤᠭᠡᠳ ᠪᠤᠶᠤ ᠵᠠᠯᠬᠢᠬᠤ ᠴᠢᠳᠠᠪᠤᠷᠢ ᠨᠢ ᠳᠤᠷᠤᠢ ᠬᠦᠮᠦᠰ ᠬᠢᠴᠢᠶᠡᠬᠦ ᠴᠢᠬᠤᠯᠠ ᠲᠠᠢ᠃

ᠢᠷᠡᠯᠳᠡ᠄ ᠲᠤᠮᠳᠠᠳᠤ ᠤᠯᠤᠰ ᠤᠨ ᠮᠤᠩᠭ᠋ᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
关闭
010070230030000000000000011100001120151661