蒙古文网站Logo
ᠰᠢᠨᠬᠤᠸᠠ ᠮᠤᠩᠭ᠋ᠤᠯ ᠨᠧᠲ

ᠠᠩᠬᠠᠨ ᠤ ᠰᠠᠭᠤᠭᠲᠠᠯ 6 ᠰᠠᠷ᠎ᠠ ᠦᠷᠭᠦᠯᠵᠢᠯᠡᠨ᠎ᠡ

2016-12-21 16:25

    ᠠᠩᠬᠠᠨ ᠤ ᠠᠭᠤᠯᠵᠠᠯᠲᠠ᠂ ᠠᠩᠬᠠᠨ ᠤ ᠰᠠᠭᠤᠭᠲᠠᠯ  ᠪᠤᠯ ᠬᠦᠮᠦᠨ ᠢ ᠪᠠᠷᠢᠮᠵᠢᠶᠠᠯᠠᠬᠤ ᠲᠤᠬᠠᠢ ᠴᠢᠬᠤᠯᠠ ᠦᠨᠳᠦᠰᠦᠯᠡᠯ ᠪᠤᠯᠵᠤ ᠪᠠᠢᠢᠲᠠᠭ᠃ ᠲᠡᠭᠡᠬᠦ ᠮᠦᠷᠲᠡᠭᠡᠨ ᠠᠩᠬᠠᠨ ᠤ ᠰᠠᠭᠤᠭᠲᠠᠯ ᠨᠢ ᠨᠠᠭᠠᠲᠤ ᠵᠠᠬ᠎ᠠ ᠳ᠋ᠠᠭᠠᠨ 6 ᠰᠠᠷ᠎ᠠ ᠦᠷᠭᠦᠯᠵᠢᠯᠡᠨ᠎ᠡ᠃

    ᠰᠤᠲᠤᠯᠭᠠᠲᠠᠳ ᠡᠴᠡ 55 ᠲᠤᠷᠰᠢᠭᠴᠢ ᠳ᠋ᠤ 4 ᠡᠮᠡᠭᠲᠡᠢ ᠶᠢᠨ ᠵᠢᠷᠤᠭ ᠢ ᠦᠵᠡᠬᠦᠯᠦᠭᠰᠡᠨ ᠤ ᠬᠤᠢᠢᠨ᠎ᠠ ᠠᠩᠬᠠᠨ ᠤ ᠰᠠᠭᠤᠭᠲᠠᠯ ᠶᠢᠡᠷ ᠶᠢᠡᠨ ᠲᠡᠲᠡᠨᠦᠰ ᠤᠨ ᠵᠠᠩ ᠠᠭᠠᠯᠢ ᠢᠢ ᠮᠠᠭᠠᠳᠯᠠᠨ 6 ᠰᠠᠷ᠎ᠠ ᠶᠢᠨ ᠲᠠᠷᠠᠭ᠎ᠠ 4 ᠡᠮᠡᠭᠲᠡᠢ ᠲᠠᠢ ᠠᠭᠤᠯᠵᠠᠭᠤᠯᠤᠨ 20 ᠮᠢᠨᠦ᠋ᠲ ᠶᠠᠷᠢᠯᠴᠠᠭᠤᠯᠪᠠ᠃ ᠲᠤᠷᠰᠢᠭᠴᠢ ᠡᠴᠡ ᠵᠠᠷᠢᠮ ᠡᠮᠡᠭᠲᠡᠢ ᠳ᠋ᠤ ᠮᠠᠭᠤ ᠰᠠᠭᠤᠬᠳᠠᠯ ᠲᠠᠢ  ᠪᠠᠢᠢᠭᠰᠠᠨ ᠡᠴᠡ ᠠᠭᠤᠯᠵᠠᠭᠰᠠᠨ ᠤ ᠲᠠᠷᠠᠭ᠎ᠠ ᠴᠤ ᠲᠡᠷᠡ ᠰᠠᠭᠤᠭᠲᠠᠯ ᠨᠢ ᠪᠠᠢᠢᠭᠠᠳ ᠪᠠᠢᠢᠳᠠᠬ᠃

    ᠰᠤᠲᠤᠯᠭᠠᠲᠠᠳ ᠡᠴᠡ ᠬᠦᠮᠦᠨ ᠲᠦᠷᠦᠯᠬᠢᠲᠡᠨ ᠤᠯᠠᠷᠢᠨ ᠬᠤᠪᠢᠰᠴᠤ ᠦᠭᠡᠷ᠎ᠡ ᠪᠤᠰᠤᠳ ᠤᠨ ᠴᠢᠷᠠᠢ ᠨᠢᠭᠤᠷ ᠤᠨ ᠢᠯᠡᠷᠡᠯ ᠡᠴᠡ ᠰᠤᠷᠠᠭ ᠵᠠᠩᠬᠢ ᠤᠯᠬᠤ ᠲᠠᠪᠠᠭᠤᠯᠢᠭ ᠲᠠᠢ ᠪᠤᠯᠤᠭᠠᠳ᠂ ᠪᠤᠲᠠᠭᠠᠯᠢ ᠪᠠᠶ᠎ᠠ ᠶᠢᠨ ᠵᠠᠩ ᠠᠭᠠᠯᠢ ᠶᠢ ᠮᠠᠭᠠᠳᠯᠠᠨ ᠲᠤᠲᠤᠯᠠᠵᠤ ᠦᠪᠡᠷ ᠢ ᠪᠠᠨ ᠬᠠᠮᠠᠭᠠᠯᠠᠲᠠᠭ ᠭᠡᠰᠡᠨ《ᠭᠡᠷᠡᠯ ᠤᠨ ᠴᠠᠭᠠᠷᠢᠭ ᠤᠨ ᠦᠢᠯᠡᠴᠢᠯᠡᠭᠡ》 ᠶᠢᠨ ᠤᠨᠤᠯ ᠢ ᠲᠤᠷᠠᠳᠴᠠᠢ᠃ ᠭᠡᠬᠦ ᠳ᠋ᠡᠭᠡᠨ ᠤᠯᠠᠨ ᠤᠲᠠᠭᠠᠨ ᠤ ᠶᠠᠷᠢᠯᠴᠠᠭ᠎ᠠ ᠬᠠᠷᠢᠯᠴᠠᠭ᠎ᠠ ᠡᠴᠡ ᠪᠤᠯᠵᠤ᠂ ᠠᠩᠬᠠᠨ ᠤ ᠰᠠᠭᠤᠭᠲᠠᠯ ᠳ᠋ᠤ ᠬᠤᠪᠢᠷᠠᠯᠲᠠ ᠭᠠᠷᠴᠤ ᠮᠡᠲᠡᠨ᠎ᠡ᠃

ᠢᠷᠡᠯᠳᠡ᠄ ᠠᠮᠢ ᠨᠠᠰᠤ ᠴᠠᠭ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
关闭
010070230030000000000000011120791120161688