蒙古文网站Logo
ᠰᠢᠨᠬᠤᠸᠠ ᠮᠤᠩᠭ᠋ᠤᠯ ᠨᠧᠲ

ᠳᠣᠯᠣᠨᠤ ᠢᠲᠡᠪᠡᠯ ᠮᠠᠷᠢᠶ᠎ᠠ ᠰᠢᠭᠤᠷᠠᠭᠤᠯᠳᠠᠭ

2016-12-29 16:37

ᠳᠣᠯᠣᠨᠤ ᠶᠢᠨ ᠠᠰᠢᠭ ᠲᠤᠰᠠ

    ᠳᠣᠯᠣᠨᠤ  ᠢᠳᠡᠪᠡᠯ ᠳᠡᠯᠢᠭᠦᠦ ᠶᠢ ᠰᠠᠶᠢᠵᠢᠷᠠᠭᠤᠯᠵᠤ ᠢᠳᠡᠭᠡᠨ ᠤ ᠳᠤᠷᠠᠰᠢᠯ ᠢ ᠨᠡᠮᠡᠭᠳᠡᠭᠦᠯᠳᠡᠭ᠃ 《ᠯᠢᠶᠣᠣᠨᠢᠩ ᠤᠨ ᠡᠳᠦᠷ ᠤᠨ ᠰᠣᠨᠢᠨ》 ᠤ ᠮᠡᠳᠡᠭᠡᠯᠡᠭᠰᠡᠨ ᠢᠶᠠᠷ᠂ ᠳᠣᠯᠣᠨᠤ ᠳᠤ ᠶᠡᠭᠡ ᠬᠡᠮᠵᠢᠶᠡᠨ ‍ᠦ‌‍ ᠲ᠋ᠣᠯᠣᠨᠤ ᠶᠢᠨ ᠬᠦᠴᠢᠯ ᠠᠭᠤᠯᠤᠭᠳᠠᠵᠤ ᠵᠢᠷᠦᠬᠡ ᠶᠢ ᠰᠠᠢᠢᠵᠢᠷᠠᠭᠤᠯᠤᠨ᠂ ᠵᠢᠷᠦᠬᠡᠨ ᠰᠤᠳᠠᠯ ᠤᠨ ᠡᠪᠡᠳᠴᠢᠨ ᠢ ᠰᠡᠷᠭᠡᠶᠢᠯᠡᠬᠦ ᠦᠢᠯᠡᠳᠦᠯ ᠲᠠᠢ᠃ ᠡᠬᠦᠨ ᠡᠴᠡ ᠭᠠᠳᠠᠨ᠎ᠠ ᠂ ᠳᠣᠯᠣᠨᠣ ᠳᠤ ᠹᠯᠠᠸᠤᠨ ᠤ ᠲᠦᠷᠦᠯ ᠵᠢᠴᠢ ᠸᠢᠲ᠋ᠠᠮᠢᠨ C᠂ ᠬᠤᠯᠤᠤᠪᠠᠩ ᠤᠨ ᠡᠳ᠋ ᠵᠡᠷᠭᠡ ᠠᠭᠤᠯᠤᠭᠳᠠᠳᠠᠭ ᠡᠴᠠ‌‍ ᠪᠡᠶ᠎ᠠ ᠮᠠᠬᠠᠪᠤᠳ ᠤᠨ ᠲᠠᠷᠬᠠᠯᠠᠭ᠎ᠠ ᠶᠢᠨ ᠴᠢᠳᠠᠪᠤᠷᠢ ᠶᠢ ᠨᠡᠮᠡᠭᠳᠡᠭᠦᠯᠬᠦ᠂ ᠢᠰᠦᠯᠳᠦᠬᠦ ᠶᠢ ᠡᠰᠡᠷᠭᠦᠴᠡᠬᠦ᠂ ᠥᠲᠡᠯᠬᠦ ᠶᠢ ᠰᠡᠷᠭᠡᠶᠢᠯᠡᠬᠦ ᠵᠡᠷᠭᠡ ᠦᠢᠯᠡᠳᠦᠯ ᠲᠠᠢ᠃ 《ᠳᠤᠮᠳᠠᠳᠤ‌ ᠤᠯᠤᠰ ᠤᠨ ᠡᠮᠡᠭᠲᠡᠶᠢᠴᠦᠳ ᠤᠨ ᠰᠣᠨᠢᠨ》 ᠤ ᠮᠡᠳᠡᠭᠡᠯᠡᠭᠰᠡᠨ ᠢᠶᠠᠷ᠂ ᠡᠮᠡᠭᠲᠡᠶᠢᠴᠦᠳ ᠦᠷᠭᠦᠯᠵᠢ ᠳᠣᠯᠣᠨᠣ ᠢᠳᠡᠪᠡᠯ ᠮᠠᠷᠢᠶ᠎ᠠ ᠰᠢᠭᠤᠷᠠᠵᠤ᠂ ᠰᠠᠷ᠎ᠠ ᠶᠢᠨ ᠬ᠍ᠬᠢᠷ ᠲᠡᠭᠰᠢᠷᠡᠨ᠂ ᠴᠢᠰᠤ ᠶᠢ ᠢᠳᠡᠪᠬᠢᠵᠢᠭᠦᠯᠬᠦ ᠦᠢᠯᠡᠳᠦᠯ ᠲᠠᠢ᠃

ᠳᠣᠯᠣᠨᠤ ᠢᠳᠡᠬᠦ ᠠᠷᠭ᠎ᠠ

    ᠡᠳᠦᠷ ᠳᠣᠲᠣᠮ ᠤᠨ ᠠᠮᠢᠳᠤᠷᠠᠯ ᠳᠤᠮᠳᠠ᠂ ᠳᠣᠯᠣᠨᠣ ᠢᠳᠡᠬᠦ ᠬᠠᠮᠤᠭ ᠤᠨ ᠶᠡᠷᠦ ᠶᠢᠨ ᠠᠷᠭ᠎ᠠ ᠪᠣᠯ ᠤᠭᠢᠶᠠᠵᠤ ‌ᠠᠷᠢᠯᠭᠠᠭᠠᠳ ᠰᠢᠭᠤᠳ ᠢᠳᠡᠳᠡᠭ᠂ ᠭᠡᠪᠡᠴᠦ ᠬᠦᠮᠦᠨ ᠪᠦᠬᠦᠨ ᠲᠡᠭᠦᠨ ᠤ ᠬᠦᠴᠢᠯᠢᠭ ᠢ ᠲᠡᠰᠪᠦᠷᠢᠯᠡᠵᠦ ᠴᠢᠳᠠᠳᠠᠭ ᠪᠢᠰᠢ᠂ ᠲᠡᠭᠦᠨ  ᠢ ‌ᠢᠳᠡᠬᠦ ᠣᠨᠳᠤᠤ ᠠᠷᠭ᠎ᠠ ᠪᠠᠰᠠ ᠣᠯᠠᠨ ᠪᠠᠶᠢᠳᠠᠭ᠃ ᠵᠢᠱᠢᠶᠡᠯᠡᠪᠡᠯ᠂ ᠳᠣᠯᠣᠨᠤ ᠶᠢ ᠮᠢᠬ᠎ᠠ ᠲᠠᠢ ᠬᠠᠮᠲᠤ ᠴᠢᠨᠠᠪᠠᠯ᠂ ᠲᠤᠰᠤ ᠶᠢ  ‌ᠠᠷᠢᠯᠭᠠᠬᠤ ᠶᠢᠨ ᠬᠠᠮᠲᠤ ᠠᠮᠲᠠ ᠣᠷᠣᠭᠤᠯᠬᠤ ᠦᠢᠯᠡᠳᠦᠯ ᠲᠠᠢ᠃ ᠦᠬᠡᠷ ᠤᠨ ᠮᠢᠬ᠎ᠠ ᠮᠡᠲᠦ ᠶᠢᠨ 《ᠴᠢᠨᠠᠯᠠᠭ᠎ᠠ ᠲᠠᠭᠠᠭᠠᠳᠠᠬ ᠮᠢᠬ᠎ᠠ》 ᠲᠠᠢ ᠬᠠᠮᠲᠤ‌‍ ᠴᠢᠨᠠᠪᠠᠯ᠂ ᠳᠣᠯᠣᠨᠤ  ᠳᠤ ᠡᠯᠪᠡᠭ᠌ ᠠᠭᠤᠯᠤᠭᠳᠠᠬᠤ ᠤᠷᠭᠠᠨᠢᠭ ᠬᠦᠴᠢᠯ ᠨᠢ ᠦᠬᠡᠷ ᠤᠨ ᠮᠢᠬ᠎ᠠ ᠶᠢ ᠰᠠᠢᠢᠬᠠᠨ ᠰᠢᠯᠵᠢᠷᠠᠭᠤᠯᠴᠢᠬᠠᠳᠠᠬ᠃ ᠡᠭᠦᠨ ᠠᠴᠠ ᠭᠠᠳᠠᠨ᠎ᠠ᠂ ᠳᠣᠯᠣᠨᠣ ᠪᠠᠨ ᠬᠡᠷᠴᠢᠨ ᠬᠠᠲᠠᠭᠠᠭᠰᠠᠨ ᠤ ᠳᠠᠷᠠᠭ᠎ᠠ ᠲᠡᠪᠳᠤᠭᠡᠵᠤ ᠤᠤᠭᠤᠬᠤ ᠪᠤᠶᠤ ᠰᠣᠷᠭᠤᠭ ‌‍ᠲ᠋ᠣᠯᠣᠨᠣ ᠶᠢᠨ ᠰᠢᠭᠦᠰᠦ ᠶᠢ ᠰᠢᠬᠠᠨ ᠤᠤᠭᠤᠵᠤ ᠪᠣᠯᠣᠨ᠎ᠠ᠃ (ᠵᠢᠷᠤᠭ ᠢ ᠨᠧᠲ ᠡᠴᠡ)

ᠢᠷᠡᠯᠳᠡ᠄ ᠠᠷᠠᠳ ᠤᠨ ᠰᠦᠯᠵᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
关闭
010070230030000000000000011100001120214921