蒙古文网站Logo
ᠰᠢᠨᠬᠤᠸᠠ ᠮᠤᠩᠭ᠋ᠤᠯ ᠨᠧᠲ

ᠠᠷᠢᠬᠢ ᠪᠡᠷ ᠭᠠᠩᠰᠠᠷᠠᠯ ᠭᠤᠨᠢᠭ ᠶᠢᠡᠨ ᠲᠠᠢᠢᠯᠬᠤ ᠨᠢ ᠤᠯᠠᠮ ᠴᠤ ᠬᠡᠴᠡᠬᠦᠦ ᠪᠤᠯᠭᠠᠲᠠᠭ

2017-01-12 16:40

    ᠰᠢᠨᠬᠤᠸᠠ ᠬᠤᠷᠢᠶ᠎ᠠ   ᠪᠡᠭᠡᠵᠢᠩ ᠤᠨ 1 ᠰᠠᠷ᠎ᠠ ᠶᠢᠨ 12 ᠤᠨ ᠡᠲᠦᠷ ᠤᠨ ᠴᠠᠬᠢᠯᠭᠠᠨ ᠮᠡᠲᠡᠭᠡ   ᠠᠮᠸᠷᠢᠺᠠ ᠶᠢᠨ ᠨᠢᠭᠡ ᠠᠮᠢᠲᠠᠨ ᠳᠤ ᠬᠢᠭ᠍ᠰᠡᠨ ᠲᠤᠷᠰᠢᠯᠲᠠ ᠶᠢᠨ ᠦᠵᠡᠬᠦᠯᠦᠭᠰᠡᠨ ᠶᠢᠡᠷ᠂ ᠰᠫᠢᠷᠲ ᠨᠢ ᠠᠶᠤᠩᠭ᠋ᠤᠷᠢ ᠲᠠᠢ ᠴᠡᠭᠡᠵᠢᠯᠡᠬᠦᠢ ᠶᠢ ᠪᠠᠭᠠᠰᠬᠠᠬᠤ ᠪᠤᠶᠤ ᠤᠰᠠᠳᠬᠠᠵᠤ ᠴᠢᠲᠠᠬᠤ ᠦᠬᠡᠢ᠂ ᠬᠠᠷᠢᠨ ᠤᠯᠠᠮ ᠴᠤ ᠤᠷᠮ᠎ᠠ ᠰᠡᠳᠬᠢᠯᠭᠡ ᠶᠢ ᠨᠠᠵᠠᠭᠠᠢ ᠪᠤᠯᠭᠠᠲᠠᠭ᠃

    ᠠᠮᠸᠷᠢᠺᠠ ᠶᠢᠨ ᠨᠢᠭᠡ ᠠᠨᠠᠭᠠᠬᠤ ᠤᠬᠠᠭᠠᠨ ᠤ ᠲᠡᠭᠡᠳᠦ ᠰᠤᠷᠭᠠᠭᠤᠯᠢ ᠶᠢᠨ ᠰᠤᠲᠤᠯᠭᠠᠲᠠᠳ ᠡᠴᠡ ᠬᠤᠯᠤᠭᠠᠨ᠎ᠠ ᠳ᠋ᠤ ᠲᠤᠷᠰᠢᠯᠲᠠ ᠬᠢᠵᠡᠢ᠃ ᠲᠡᠲᠡ ᠤᠷᠢᠲᠠᠪᠡᠷ ᠬᠤᠯᠤᠭᠠᠨ᠎ᠠ ᠳ᠋ᠤ 《ᠠᠶᠤᠩᠭ᠋ᠤᠷᠢᠲᠤ ᠪᠠᠢᠢᠲᠠᠯ》 ᠢ ᠪᠤᠢ ᠪᠤᠯᠭᠠᠵᠤ᠂ ᠲᠠᠷᠠᠭ᠎ᠠ ᠡᠲᠦᠷ ᠨᠢ ᠡᠲᠡᠭᠡᠷ ᠬᠤᠯᠤᠭᠠᠨ᠎ᠠ ᠶᠢ ᠬᠤᠶᠠᠷ ᠪᠠᠭ ᠪᠤᠯᠭᠠᠨ ᠬᠤᠪᠢᠶᠠᠵᠤ᠂ ᠨᠢᠭᠡ ᠪᠠᠭ ᠲᠤᠨᠢ ᠤᠰᠤ ᠤᠤᠭᠤᠯᠭᠠᠵᠤ᠂ ᠨᠦᠬᠦᠭᠡ ᠪᠠᠭ ᠲᠤᠨᠢ 20ᠰᠫᠢᠷᠲ ᠠᠭᠤᠯᠤᠭᠰᠠᠨ ᠤᠰᠤ ᠤᠤᠭᠤᠯᠭᠠᠪᠠ᠃ ᠲᠤᠷᠰᠢᠯᠲᠠ ᠶᠢᠨ ᠲᠠᠷᠠᠭ᠎ᠠ ᠪᠡᠷ ᠰᠫᠢᠷᠲ ᠠᠭᠤᠯᠤᠭᠰᠠᠨ ᠤᠰᠤ ᠤᠤᠭᠤᠭᠰᠠᠨ ᠬᠤᠯᠤᠭᠠᠨ᠎ᠠ ᠶᠢᠨ ᠢᠯᠭᠠᠷᠠᠭᠤᠯᠤᠭᠰᠠᠨ ᠠᠮᠤᠨ ᠰᠢᠪᠲᠤᠷᠲᠤ ᠬᠦᠴᠢᠯ ᠪᠠᠭ᠎ᠠ ᠪᠠᠢᠢᠪᠠ᠃ ᠡᠨᠡᠬᠦ ᠠᠮᠤᠨ ᠰᠢᠪᠲᠤᠷᠲᠤ ᠬᠦᠴᠢᠯ ᠨᠢ ᠤᠷᠮ᠎ᠠ ᠦᠭᠡᠢ᠂ ᠠᠶᠤᠩᠭ᠋ᠤᠷᠢᠲᠤ ᠴᠡᠬᠡᠵᠢᠯᠡᠬᠦᠢ ᠶᠢ ᠤᠰᠠᠳᠬᠠᠬᠤ ᠳ᠋ᠤ ᠲᠤᠰᠠ ᠪᠤᠯᠲᠠᠭ᠃

    《ᠬᠡᠷᠪᠡ ᠰᠤᠲᠤᠯᠭᠠᠨ ᠤ ᠦᠷ᠎ᠠ ᠳ᠋ᠦᠩ ᠢ ᠬᠦᠮᠦᠨ ᠲᠦᠷᠦᠯᠬᠢᠲᠡᠨ ᠳ᠋ᠤ ᠠᠮᠵᠢᠯᠲᠠ ᠲᠠᠢ ᠲᠤᠷᠰᠢᠵᠤ ᠴᠢᠲᠠᠪᠠᠯ᠂ ᠰᠡᠳᠬᠢᠯ ᠰᠠᠨᠠᠭ᠎ᠠ ᠰᠡᠪᠳᠦᠵᠦ ᠰᠢᠷᠬᠠᠲᠤᠭᠰᠠᠨ ᠢ ᠵᠠᠰᠠᠨ ᠡᠮᠴᠢᠯᠡᠬᠦ ᠳ᠋ᠤ ᠨᠡᠩ ᠰᠠᠢᠢᠨ ᠪᠤᠯᠲᠠᠭ》ᠭᠡᠵᠦ ᠲᠤᠷᠰᠢᠯᠲᠠ ᠳ᠋ᠤ ᠤᠷᠤᠯᠴᠠᠭᠰᠠᠨ ᠰᠤᠲᠤᠯᠭᠠᠲᠠᠨ ᠶᠠᠷᠢᠨ᠎ᠠ᠃

    ᠡᠨᠡᠬᠦ ᠰᠤᠲᠤᠯᠭᠠᠨ ᠢ《ᠤᠶᠤᠨ ᠰᠠᠨᠠᠭᠠᠨ ᠤ ᠡᠪᠡᠳᠴᠢᠨ ᠤ ᠤᠬᠠᠭᠠᠨ ᠤ ᠤᠯᠠᠷᠢᠯ》ᠰᠡᠳᠬᠦᠯ ᠳ᠋ᠤ ᠨᠡᠢᠢᠲᠡᠯᠡᠪᠡ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
关闭
010070230030000000000000011120791120299152