蒙古文网站Logo
ᠰᠢᠨᠬᠤᠸᠠ ᠮᠤᠩᠭ᠋ᠤᠯ ᠨᠧᠲ

ᠦᠯᠦᠨ ᠢᠶᠡᠷ ᠪᠤᠷᠴᠠᠭ ᠤᠨ ᠡᠭᠡᠳᠡᠩ ᠤᠤᠭᠤᠬᠤ ᠨᠢ ᠡᠷᠡᠬᠦᠯ ᠮᠡᠨᠳᠤ ᠳᠤ ᠠᠰᠢᠭ ᠦᠬᠡᠢ ᠤᠤ ?

2017-02-07 16:13

    ᠪᠤᠷᠴᠠᠭ ᠤᠨ ᠡᠭᠡᠳᠡᠩ ᠪᠤᠯ ᠳᠤᠮᠳᠠᠳᠤ ᠤᠯᠤᠰ ᠤᠨ ᠤᠨᠴᠠᠯᠢᠭ ᠲᠠᠢ ᠤᠯᠠᠮᠵᠢᠯᠠᠯᠲᠤ ᠤᠮᠳᠠᠭᠠᠨ ᠮᠦᠨ᠂ ᠨᠦᠮᠵᠦᠭ ᠰᠠᠶᠢᠬᠠᠨ ᠠᠮᠲᠠᠲᠠᠢ ᠪᠦᠬᠡᠳ ᠰᠢᠮ᠎ᠠ ᠲᠡᠵᠢᠬᠡᠯ ᠡᠯᠪᠡᠭ᠌ ᠠᠭᠤᠯᠤᠭᠲᠠᠵᠤ ᠨᠠᠰᠤᠲᠠᠶᠢᠴᠤᠳ ᠪᠠ ᠪᠠᠭᠠᠴᠤᠳ ᠲᠤ ᠮᠠᠰᠢ ᠲᠤᠰᠠᠲᠠᠢ ᠪᠠᠶᠢᠳᠠᠭ᠃ ᠭᠡᠪᠡᠴᠤ ᠤᠯᠠᠨ ᠬᠦᠮᠦᠰ ᠪᠤᠷᠴᠠᠭ ᠤᠨ ᠡᠭᠡᠳᠡᠩ ᠤᠤᠭᠤᠬᠤ ᠲᠤᠬᠠᠢ ᠡᠨᠳᠡᠬᠦᠦ ᠤᠶᠢᠯᠠᠭᠠᠯᠲᠠ ᠲᠠᠢ ᠪᠠᠶᠢᠳᠠᠭ᠃

ᠡᠨᠳᠡᠬᠦᠦ ᠤᠶᠢᠯᠠᠭᠠᠯᠲᠠ ᠨᠢᠬᠡ᠄ ᠦᠯᠦᠨ ᠢᠶᠡᠷ ᠪᠤᠷᠴᠠᠭ ᠤᠨ ᠡᠭᠡᠳᠡᠩ ᠤᠤᠭᠤᠬᠤ ᠨᠢ ᠡᠷᠡᠬᠦᠯ ᠮᠡᠨᠳᠤ ᠳᠤ ᠠᠰᠢᠭ ᠦᠬᠡᠢ ᠪᠠᠶᠢᠳᠠᠭ᠃ ᠲᠤᠰ ᠦᠵᠡᠯ ᠨᠢ ᠰᠢᠨᠵᠢᠯᠡᠬᠦ ᠤᠬᠠᠭᠠᠨ ᠤ ᠦᠨᠳᠤᠰᠤᠯᠠᠯ ᠦᠬᠡᠢ᠃

ᠡᠨᠳᠡᠬᠦᠦ ᠤᠶᠢᠯᠠᠭᠠᠯᠲᠠ ᠬᠤᠶᠠᠷ᠄ ᠦᠨᠢᠶᠠᠨ ᠰᠦ᠋ ᠲᠠᠢ ᠬᠠᠷᠢᠴᠠᠭᠤᠯᠪᠠᠯ ᠳᠤᠮᠳᠠᠳᠤ ᠤᠯᠤᠰ ᠤᠨ ᠢᠷᠭᠡᠳ ᠪᠤᠷᠴᠠᠭ ᠤᠨ ᠡᠭᠡᠳᠡᠩ ᠤᠤᠭᠤᠬᠤ ᠳ᠋ᠦ ᠨᠡᠩ ᠲᠤᠬᠢᠷᠠᠮᠵᠢᠲᠠᠢ᠃

ᠡᠨᠳᠡᠬᠦᠦ ᠤᠶᠢᠯᠠᠭᠠᠯᠲᠠ ᠭᠤᠷᠪᠠ᠄ ᠬᠤᠨᠤᠭ ᠦᠨᠵᠢᠭᠰᠠᠨ ᠪᠤᠷᠴᠠᠭ ᠤᠨ ᠡᠭᠡᠳᠡᠩ  ᠢ ᠤᠤᠭᠤᠵᠤ ᠪᠤᠯᠬᠤ ᠦᠬᠡᠢ᠃ ᠬᠠᠳᠠᠭᠠᠯᠠᠭᠰᠠᠨ ᠨᠢ ᠵᠣᠬᠢᠰᠲᠠᠢ᠂ ᠴᠢᠨᠠᠷ ᠨᠢ ᠬᠤᠪᠢᠷᠠᠬᠰᠠᠨ ᠦᠬᠡᠢ ᠪᠠᠶᠢᠳᠠᠯ ᠳᠤ ᠪᠤᠷᠴᠠᠭ ᠤᠨ ᠡᠭᠡᠳᠡᠩ  ᠢ ᠬᠤᠨᠤᠭ ᠦᠨᠵᠢᠭᠡᠳ ᠤᠤᠭᠤᠭᠰᠠᠨ ᠴᠤ ᠬᠠᠮᠢᠶ᠎ᠠ ᠦᠬᠡᠢ ᠪᠠᠶᠢᠳᠠᠭ᠃

ᠡᠨᠳᠡᠬᠦᠦ ᠤᠶᠢᠯᠠᠭᠠᠯᠲᠠ ᠳᠦᠷᠪᠡ᠄ ᠡᠷᠡᠭᠲᠠᠶᠢᠴᠤᠳ ᠪᠤᠷᠴᠠᠭ ᠤᠨ ᠡᠭᠡᠳᠡᠩ ᠠᠷᠪᠢᠨ ᠤᠤᠭᠤᠪᠠᠯ ᠡᠮᠡᠭᠳᠡᠢ ᠵᠢᠨ ᠰᠢᠨᠵᠢ ᠢᠯᠡᠭᠦᠦ ᠪᠤᠯᠤᠨ᠎ᠠ᠃

ᠡᠨᠳᠡᠬᠦᠦ ᠤᠶᠢᠯᠠᠭᠠᠯᠲᠠ ᠲᠠᠪᠤ᠄ ᠪᠤᠷᠴᠠᠭ ᠤᠨ ᠡᠭᠡᠳᠡᠩ  ᠢ ᠬᠦᠢᠲᠠᠨ ᠢᠶᠡᠷ ᠤᠤᠭᠤᠪᠠᠯ ᠠᠮᠠᠷᠬᠠᠨ ᠬᠦᠶᠦᠯᠬᠡᠨ᠎ᠠ᠃ ᠬᠦᠶᠦᠯᠬᠡᠵᠤ ᠪᠠᠶᠢᠬᠤ ᠨᠢ ᠪᠤᠷᠴᠠᠭ ᠤᠨ ᠡᠭᠡᠳᠡᠩ  ᠤᠨ ᠪᠦᠷᠢᠯᠳᠤᠬᠦᠨ ᠲᠠᠢ ᠬᠤᠯᠪᠤᠭᠳᠠᠯ ᠦᠬᠡᠢ᠂ ᠬᠦᠮᠦᠨ ᠤ ᠪᠠᠶ᠎ᠠ ᠶᠢᠨ ᠤᠮᠳᠠᠭᠠᠨ  ᠤ ᠳᠤᠯᠠᠭᠠᠴᠠ ᠶᠢ ᠬᠦᠯᠢᠶᠠᠨ ᠠᠪᠬᠤ ᠬᠡᠮᠵᠢᠶ᠎ᠠ ᠲᠠᠢ ᠬᠤᠯᠪᠤᠭᠳᠠᠯ ᠲᠠᠢ᠃

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
关闭
010070230030000000000000011100001120425701