蒙古文网站Logo
ᠰᠢᠨᠬᠤᠸᠠ ᠮᠤᠩᠭ᠋ᠤᠯ ᠨᠧᠲ

ᠨᠢᠭᠡ ᠤᠳᠠᠭ᠎ᠠ ᠠᠷᠢᠬᠢᠨ ᠳ᠋ᠥ ᠰᠤᠭᠳᠤᠪᠠᠯ ᠶᠡᠭᠡ ᠲᠠᠷᠢᠬᠢ ᠵᠢ ᠪᠦᠲᠦᠨ ᠵᠢᠯ ᠨᠦᠯᠦᠭᠡᠯᠡᠬᠦ ᠪᠤᠯᠤᠨ᠎ᠠ

2017-02-09 16:30

    ᠠᠷᠢᠬᠢ ᠶᠡᠬᠡ ᠤᠤᠭᠤᠬᠤ ᠨᠢ ᠠᠰᠢᠭ ᠦᠭᠡᠢ ᠭᠡᠳᠡᠭ ᠢ ᠬᠦᠮᠦᠨ ᠪᠤᠯᠭᠠᠨ ᠮᠡᠳᠡᠬᠦ ᠪᠤᠯᠪᠠᠴᠤ ᠠᠷᠢᠬᠢᠨ ᠳ᠋ᠤ ᠰᠤᠭᠳᠤᠬᠤ ᠵᠢᠨ ᠤᠷᠳᠤ ᠬᠤᠭᠤᠴᠠᠭᠠᠨ ᠤ ᠨᠦᠯᠦᠭᠡ ᠵᠢ ᠠᠩᠬᠠᠷᠤᠭᠰᠠᠨ ᠬᠦᠮᠦᠨ ᠴᠦᠭᠡᠨ ᠪᠠᠢᠳᠠᠭ᠋᠃ ᠠᠮᠸᠷᠢᠺᠠ ᠵᠢᠨ ᠸᠠᠰᠢᠩᠲ᠋ᠤᠨ ᠶᠡᠭᠡ ᠰᠤᠷᠭᠠᠭᠤᠯᠢ ᠶᠢᠨ ᠰᠤᠳᠤᠯᠤᠭᠠᠴᠢ ᠤᠶᠢᠷ᠎ᠠ ᠳᠤ《 ᠰᠢᠨᠤᠯᠳᠤ ᠠᠵᠢᠯᠯᠠᠭ᠎ᠠ》 ᠰᠡᠳᠬᠦᠯ ᠲᠡᠭᠡᠷ᠎ᠡ ᠨᠡᠶᠢᠲᠡᠯᠡᠬᠦ ᠳ᠋ᠡᠭᠡᠨ᠂ ᠨᠢᠭᠡ ᠤᠳᠠᠭ᠎ᠠ ᠠᠷᠢᠬᠢᠨ ᠳ᠋ᠤ ᠰᠤᠭᠳᠤᠪᠠᠯ ᠶᠡᠭᠡ ᠲᠠᠷᠢᠬᠢ ᠵᠢ ᠨᠢᠭᠡ ᠪᠦᠲᠦᠨ ᠵᠢᠯ ᠨᠦᠯᠦᠭᠡᠯᠡᠵᠤ᠂ ᠵᠢᠯ ᠲᠤᠷᠰᠢ ᠠᠷᠢᠬᠢ ᠲᠠᠭᠠᠭᠠᠬᠤ ᠪᠡᠨ ᠪᠤᠯᠢᠬᠤ ᠮᠦᠷᠲᠡᠭᠡᠨ ᠠᠮᠠᠷᠬᠠᠨ ᠪᠦᠭᠡᠯᠵᠢᠵᠤ᠂ ᠮᠠᠨᠠᠷᠠᠬᠤ ᠪᠤᠯᠳᠠᠭ ᠭᠡᠵᠠᠢ᠃

    ᠰᠤᠳᠤᠯᠭᠠᠲᠠᠨ ᠠᠮᠸᠷᠢᠺᠠ ᠵᠢᠨ 600 ᠤᠶᠤᠳᠠᠨ ᠳ᠋ᠤ ᠰᠤᠳᠤᠯᠭ᠎ᠠ ᠬᠢᠵᠤ᠂ ᠠᠷᠢᠬᠢ ᠤᠤᠭᠤᠭᠰᠠᠨ ᠪᠠᠶᠢᠳᠠᠯ ᠢ ᠮᠦᠷᠲᠡᠨ ᠪᠠᠶᠢᠴᠠᠭᠠᠭᠰᠠᠨ ᠪᠠᠶᠢᠨ᠎ᠠ᠃ ᠪᠠᠶᠢᠴᠠᠭᠠᠯᠲᠠ ᠵᠢᠨ ᠳ᠋ᠦᠩ ᠡᠴᠡ ᠦᠵᠡᠪᠡᠯ᠂ ᠡᠳᠡᠭᠡᠷ ᠰᠤᠷᠤᠭᠴᠢᠳ ᠪᠠᠶᠢᠴᠠᠭᠠᠯᠲᠠ ᠶᠢᠨ ᠡᠳᠦᠷ ᠲᠤᠮᠳᠠᠴᠢ ᠪᠡᠷ 9.6 ᠬᠤᠨᠳᠠᠭ᠎ᠠ ᠠᠷᠢᠬᠢ ᠤᠤᠭᠤᠪᠠ᠂ ᠲᠡᠷᠡ ᠡᠳᠤᠷ ᠠᠷᠢᠬᠢᠨ ᠳ᠋ᠤ ᠰᠤᠭᠳᠤᠭᠰᠠᠨ ᠰᠤᠷᠤᠭᠴᠢ ᠵᠢᠨ ᠨᠢᠭᠡ ᠵᠢᠯ ᠤᠨ ᠲᠤᠳᠤᠷᠠᠬᠢ ᠠᠷᠢᠬᠢ ᠲᠠᠭᠠᠭᠠᠬᠤ ᠬᠡᠮᠵᠢᠶ᠎ᠡ ᠨᠢ ᠴᠦᠮ ᠪᠠᠭᠤᠷᠠᠵᠤ᠂ ᠠᠮᠠᠷᠬᠠᠨ ᠰᠤᠭᠳᠤᠬᠤ ᠪᠤᠯᠵᠤ᠂ ᠪᠦᠭᠡᠯᠵᠢᠬᠦ᠂ ᠮᠠᠨᠠᠷᠠᠬᠤ ᠵᠡᠷᠭᠡ ᠪᠠᠶᠢᠳᠠᠯ ᠢᠯᠡᠷᠡᠬᠦ ᠪᠤᠯᠤᠮᠵᠢ ᠨᠢ ᠨᠡᠩ ᠶᠡᠭᠡ᠂ ᠲᠤᠭ᠎ᠠ ᠨᠢ ᠨᠡᠩ ᠠᠷᠪᠢᠨ ᠪᠤᠯᠤᠭᠰᠠᠨ ᠪᠠᠢᠢᠨ᠎ᠠ᠃

ᠢᠷᠡᠯᠳᠡ᠄ ᠠᠷᠠᠳ ᠤᠨ ᠰᠦᠯᠵᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
  • ᠲᠡᠭᠡᠳᠦ ᠮᠤᠩᠭ᠋ᠤᠯ ᠤᠨ ᠤᠲᠤᠳ ᠤᠨ ᠤᠯᠠᠭᠠᠭᠴᠢᠨ ᠲᠠᠬᠢᠶ᠎ᠠ ᠵᠢᠯ ᠤᠨ ᠰᠠᠷ᠎ᠠ ᠰᠢᠨ᠎ᠡ ᠶᠢᠨ ᠲᠠᠭᠤᠤ ᠬᠦᠭ᠍ᠵᠢᠮ ᠤᠨ ᠴᠢᠭᠤᠯᠭᠠᠨ ( ᠨᠢᠭᠡ )
  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
关闭
010070230030000000000000011100001120439566