蒙古文网站Logo
ᠰᠢᠨᠬᠤᠸᠠ ᠮᠤᠩᠭ᠋ᠤᠯ ᠨᠧᠲ

ᠬᠠᠪᠤᠷ ᠨᠠᠷᠠᠨ ᠳᠤ ᠡᠬᠡᠬᠡᠬᠦ ᠪᠤᠯ ᠬᠠᠮᠤᠭ ᠤᠨ ᠰᠢᠨᠵᠢᠯᠡᠬᠦ ᠤᠬᠠᠭᠠᠨᠴᠢ ᠪᠡᠶ᠎ᠡ ᠰᠤᠪᠢᠯᠠᠯᠲᠠ ᠮᠦᠨ

2017-02-23 16:23

ᠶᠠᠮᠠᠷ ᠦᠶᠡᠰ ᠨᠠᠷᠠᠨ ᠳᠤ ᠡᠬᠡᠬᠡᠬᠦ ᠪᠤᠢ?

    ᠦᠳᠡ ᠵᠢᠨ ᠡᠮᠦᠨ᠎ᠠ10᠄ 00 ᠴᠠᠭ ᠡᠴᠡ ᠤᠷᠢᠳ᠂ ᠦᠳᠡ ᠵᠢᠨ ᠬᠤᠶᠢᠨ᠎ᠠ 15᠄ 00 ᠴᠠᠭ ᠡᠴᠡ ᠰᠡᠬᠦᠯᠡᠷᠬᠢ ᠨᠠᠷᠠᠨ ᠤ ᠭᠡᠷᠡᠯ ᠡᠶᠡᠪᠡᠷᠬᠦᠦ ᠮᠦᠷᠲᠡᠬᠡᠨ ᠬᠦᠷᠢᠨ ᠤ ᠭᠠᠳᠠᠨᠠᠬᠢ ᠲᠤᠶᠠᠭ᠎ᠠ ᠰᠤᠯᠠ ᠪᠤᠯᠬᠤᠷ ᠡᠨᠡᠬᠦ ᠬᠤᠭᠤᠴᠠᠭᠠᠨ ᠳᠤ ᠨᠠᠷᠠᠨ ᠳᠤ ᠡᠬᠡᠬᠡᠪᠡᠯ ᠬᠠᠮᠤᠭ ᠤᠨ ᠰᠠᠶᠢᠨ ᠪᠠᠶᠢᠳᠠᠭ᠃

ᠬᠡᠳᠤᠢ ᠤᠳᠠᠭᠠᠨ ᠨᠠᠷᠠᠨ ᠳᠤ ᠡᠬᠡᠬᠡᠬᠦ ᠪᠤᠢ?

ᠦᠳᠡᠯᠦᠭᠡ ᠨᠠᠰᠤᠨ ᠤ ᠬᠦᠮᠦᠰ ᠡᠳᠤᠷ ᠪᠦᠷᠢ 1ᠴᠠᠬ᠂ ᠤᠳᠠᠭ᠎ᠠ ᠪᠦᠷᠢ 20 -30 ᠮᠢᠨᠦ᠋ᠲ ᠨᠠᠷᠠᠨ ᠳᠤ ᠡᠬᠡᠬᠡᠪᠡᠯ ᠪᠤᠯᠴᠢᠬᠠᠨ᠎ᠠ᠂ ᠢᠳᠡᠷ ᠵᠠᠯᠠᠭᠤᠴᠤᠳ ᠡᠳᠦᠷ ᠪᠦᠷᠢ 1-2 ᠴᠠᠭ ᠨᠠᠷᠠᠨ ᠳᠤ ᠡᠬᠡᠬᠡᠨ᠎ᠠ᠃

ᠨᠠᠷᠠᠨ ᠳᠤ ᠶᠠᠭᠠᠬᠢᠵᠦ ᠡᠬᠡᠬᠡᠬᠦ ᠪᠤᠢ?

    ᠶᠡᠷᠦᠳᠡ ᠵᠢᠨ ᠦᠭᠡᠨ ᠳ᠋ᠤ ᠨᠠᠷᠠ ᠡᠰᠡᠷᠬᠦ ᠰᠠᠭᠤᠪᠠᠯ ᠰᠠᠶᠢᠨ ᠭᠡᠳᠡᠭ᠂ ᠡᠨᠡ ᠨᠢ ᠶᠠᠭᠤᠨ ᠤ ᠤᠴᠢᠷ ᠡᠴᠡ ᠪᠤᠢ ? ᠬᠦᠮᠦᠨ ᠤ ᠪᠡᠶ᠎ᠠ ᠶᠢᠨ ᠬᠡᠪᠡᠯᠢ ᠪᠢᠯᠢᠭ᠌᠂ ᠨᠢᠷᠤᠭᠤ ᠠᠷᠭ᠎ᠠ ᠶᠤᠮ᠃ ᠨᠢᠷᠤᠭᠤᠨ ᠤ ᠬᠡᠰᠡᠭ ᠲᠦ ᠨᠢᠭᠡᠨ ᠮᠠᠰᠢ ᠴᠢᠬᠤᠯᠠ ᠴᠢᠰᠦᠨ ᠰᠤᠳᠠᠯ ᠲᠠᠢ᠂ ᠡᠨᠡ ᠬᠦ ᠰᠤᠳᠠᠯ ᠨᠢ 《 ᠡᠷ᠎ᠡ ᠰᠤᠳᠠᠯ ᠤᠨ ᠡᠬᠢ》 ᠭᠡᠳᠡᠭ ᠪᠦᠭᠡᠳ ᠲᠡᠷᠡ ᠨᠢ ᠪᠦᠬᠦ ᠪᠡᠶ᠎ᠠ ᠶᠢᠨ ᠠᠷᠭ᠎ᠠ ᠬᠡᠢ ᠵᠢ ᠵᠠᠬᠢᠷᠴᠤ ᠪᠠᠶᠢᠳᠠᠭ᠃ ᠨᠢᠷᠤᠭᠤ ᠪᠡᠨ ᠨᠠᠷᠠᠨ ᠳ᠋ᠤ ᠰᠠᠶᠢᠨ ᠡᠭᠡᠭᠡᠪᠡᠯ ᠬᠦᠮᠦᠨ ᠤ ᠪᠡᠶ᠎ᠡ ᠳ᠋ᠡᠬᠢ ᠠᠷᠭ᠎ᠠ ᠬᠡᠢ ᠬᠦᠢᠴᠡᠳ ᠪᠤᠯᠵᠤ᠂ ᠪᠦᠬᠦ ᠪᠡᠶ᠎ᠡ ᠵᠢ ᠲᠠᠮᠢᠷᠵᠢᠭᠤᠯᠤᠨ᠎ᠠ᠃

    ᠬᠢᠳᠠᠳ ᠡᠮᠨᠡᠯᠭᠡ ᠳ᠋ᠤ 《ᠨᠢᠷᠤᠭᠤ ᠪᠤᠯᠪᠠᠰᠦ ᠠᠷᠭ᠎ᠠ᠂ ᠵᠢᠷᠦᠭᠡ ᠠᠭᠤᠰᠬᠢᠨ ᠤ ᠲᠦᠰᠢᠭ ᠪᠤᠯᠠᠢ》 ᠭᠡᠮᠡᠳᠡᠭ᠂ ᠦᠷᠬᠦᠯᠵᠢ ᠨᠢᠷᠤᠭᠤ ᠪᠡᠨ ᠨᠠᠷᠠᠨ ᠳ᠋ᠤ ᠡᠭᠡᠭᠡᠬᠦ ᠨᠢ ᠪᠠᠰᠠ ᠵᠢᠷᠦᠭᠡ ᠠᠭᠤᠰᠬᠢᠨ ᠤ ᠴᠢᠳᠠᠮᠵᠢ ᠵᠢ ᠰᠠᠶᠢᠵᠢᠷᠠᠭᠤᠯᠤᠨ᠎ᠠ᠃

ᠢᠷᠡᠯᠳᠡ᠄ ᠠᠷᠠᠳ ᠤᠨ ᠰᠦᠯᠵᠢᠶ᠎ᠠ  ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011100001120518868