蒙古文网站Logo
ᠰᠢᠨᠬᠤᠸᠠ ᠮᠤᠩᠭ᠋ᠤᠯ ᠨᠧᠲ

RRV (Ross River Virus) ᠲᠡᠯᠡᠬᠡᠢ ᠳ᠋ᠤ ᠬᠠᠯᠲᠠᠪᠤᠷᠢᠯᠠᠬᠤ ᠪᠤᠯᠤᠯᠴᠠᠭ᠎ᠠ ᠲᠠᠢ ᠬᠡᠮᠡᠨ ᠠᠦ᠋ᠰᠲ᠋ᠷᠠᠯᠢᠶ᠎ᠠ ᠶᠢᠨ ᠰᠤᠲᠤᠯᠭᠠᠲᠠᠨ ᠬᠡᠯᠡᠵᠦ ᠪᠤᠢ

2017-02-23 17:13

    ᠰᠢᠨᠬᠤᠸᠠ ᠬᠤᠷᠢᠶ᠎ᠠ   ᠺᠠᠨᠪᠸᠷᠠ ᠶᠢᠨ 2 ᠰᠠᠷ᠎ᠠ ᠶᠢᠨ 23 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠤᠤ ᠪᠦᠸᠸ ) ᠰᠡᠬᠦᠯ ᠤᠨ ᠦᠶ᠎ᠠ ᠳ᠋ᠤ ᠠᠯᠹᠠ ᠸᠢᠷᠦ᠋ᠰ ᠬᠦᠬᠦᠲᠡᠨ ᠠᠮᠢᠲᠠᠨ ᠳ᠋ᠤ ᠪᠠᠢᠢᠬᠤ ᠭᠡᠵᠦ ᠦᠵᠡᠵᠦ ᠪᠠᠢᠢᠭᠰᠠᠨ ᠪᠤᠯ ᠽᠸᠺᠠ ᠸᠢᠷᠦ᠋ᠰ ᠰᠢᠭ᠌ ᠪᠦᠬᠦ ᠲᠡᠯᠡᠬᠡᠢ ᠶᠢᠨ ᠬᠡᠪᠴᠢᠶᠠᠨ ᠳ᠋ᠤ ᠬᠠᠯᠲᠠᠪᠤᠷᠢᠯᠠᠬᠤ ᠪᠤᠯᠤᠨ᠎ᠠ ᠭᠡᠵᠦ ᠠᠦ᠋ᠰᠲ᠋ᠷᠡᠯᠢᠶ᠎ᠠ ᠶᠢᠨ ᠰᠤᠲᠤᠯᠭᠠᠲᠠᠨ 23 ᠤ ᠡᠲᠦᠷ ᠬᠡᠯᠡᠯ᠎ᠡ᠃

    RRV ᠠᠯᠢ ᠡᠷᠲᠡ ᠠᠦ᠋ᠰᠲ᠋ᠷᠡᠯᠢᠶ᠎ᠠ ᠡᠴᠡ ᠢᠯᠡᠷᠡᠬᠦᠯᠪᠡ᠃ ᠬᠦᠮᠦᠨ ᠲᠦᠷᠦᠯᠬᠢᠲᠡᠨ ᠠᠦ᠋ᠰᠲ᠋ᠷᠡᠯᠢᠶ᠎ᠠ ᠳ᠋ᠤ ᠬᠦᠷᠬᠦ ᠡᠴᠡ ᠡᠮᠦᠨ᠎ᠡ ᠲᠤᠰ ᠲᠦᠷᠦᠯ ᠤᠨ ᠸᠢᠷᠦ᠋ᠰ ᠢᠮᠵᠢ ᠵᠡᠷᠭᠡ ᠤᠭᠤᠲᠤᠨᠴᠢᠷ ᠠᠮᠢᠲᠠᠨ ᠤ ᠪᠠᠶ᠎ᠠ ᠳ᠋ᠤ ᠤᠷᠤᠰᠢᠵᠤ 4 ᠲᠦᠮᠡᠨ ᠵᠢᠯ ᠪᠤᠯᠵᠤ ᠪᠠᠢᠢᠪᠠ᠃ ᠠᠯᠹᠠ ᠸᠢᠷᠦ᠋ᠰ ᠲᠠᠢ ᠤᠭᠤᠲᠤᠨᠴᠢᠷ ᠠᠮᠢᠲᠠᠨ ᠤ ᠴᠢᠰᠤ ᠶᠢ ᠰᠤᠷᠤᠭᠰᠠᠨ ᠪᠠᠲᠠᠭᠠᠨ᠎ᠠ ᠰᠢᠮᠠᠭᠤᠯ ᠲᠠᠬᠢᠨ ᠬᠦᠮᠦᠨ ᠤ ᠪᠠᠶ᠎ᠠ ᠶᠢᠨ ᠴᠢᠰᠤ ᠶᠢ ᠰᠤᠷᠤᠬᠤ ᠳ᠋ᠤ ᠬᠦᠷᠪᠠᠯ ᠠᠮᠠᠷᠬᠠᠨ ᠬᠠᠯᠲᠠᠪᠤᠷᠢᠯᠠᠭᠲᠠᠲᠠᠭ᠃

    RRV ᠬᠢᠵᠢᠭ᠌ ᠡᠪᠡᠳᠴᠢᠨ ᠢ ᠤᠤᠯ ᠨᠢ ᠬᠠᠯᠲᠠᠪᠤᠷᠢᠲᠤ ᠴᠢᠨᠠᠷᠲᠠᠢ ᠤᠯᠠᠨ ᠦᠶ᠎ᠠ ᠭᠡᠰᠢᠬᠦᠦ ᠶᠢᠨ ᠦᠷᠪᠢᠰᠦᠯ ᠭᠡᠵᠦ ᠪᠠᠢᠢᠪᠠ᠃ ᠡᠪᠡᠳᠴᠢᠨ ᠨᠢ ᠦᠶ᠎ᠠ ᠭᠡᠰᠢᠭᠦᠦ ᠡᠪᠡᠳᠬᠦ᠂ ᠬᠠᠯᠠᠭᠤᠷᠠᠬᠤ᠂ ᠠᠮᠠᠷᠠᠬᠠᠨ ᠶᠠᠲᠠᠷᠠᠬᠤ᠂ ᠠᠷᠠᠰᠤᠨ ᠤ ᠡᠰᠡᠷᠭᠡᠨ᠎ᠡ ᠢᠯᠡᠷᠡᠬᠦ ᠪᠤᠯᠤᠨ᠎ᠠ᠃ ᠤᠲᠤᠬᠠᠨ ᠪᠤᠯᠲᠠᠯ᠎ᠠ RRV ᠬᠠᠯᠲᠠᠪᠤᠷᠢᠯᠠᠭᠲᠠᠨ ᠠᠮᠢ ᠨᠠᠰᠤ ᠪᠠᠨ ᠠᠯᠲᠠᠭᠰᠠᠨ ᠬᠦᠮᠦᠨ ᠪᠠᠢᠢᠬᠤ ᠦᠭᠡᠢ᠂ ᠭᠡᠪᠡᠴᠦ ᠬᠠᠯᠲᠠᠪᠤᠷᠢᠯᠠᠭᠰᠠᠨ ᠬᠦᠮᠦᠨ ᠬᠡᠲᠦᠨ ᠰᠠᠷ᠎ᠠ ᠶᠢᠨ ᠲᠤᠷᠰᠢᠲᠠ ᠪᠠᠶ᠎ᠠ ᠲᠠᠮᠢᠷ ᠲᠡᠩᠬᠡᠬᠡ ᠠᠨᠠᠢᠢᠬᠠᠨ᠂ ᠤᠨᠴᠠ ᠵᠠᠷᠢᠮ ᠨᠢ ᠬᠡᠲᠦᠨ ᠵᠢᠯ ᠶᠢᠡᠷ ᠦᠷᠬᠦᠯᠵᠢᠯᠡᠬᠦ ᠪᠤᠯᠤᠨ᠎ᠠ᠃ ᠡᠨᠡ ᠵᠢᠯ ᠡᠴᠡ ᠨᠠᠭᠠᠰᠢ᠂ ᠠᠦ᠋ᠰᠲ᠋ᠷᠡᠯᠢᠶ᠎ᠠ ᠶᠢᠨ ᠸᠸᠺᠲ᠋ᠤᠷᠢᠶ᠎ᠠ ᠵᠸᠦ  ᠳ᠋ᠤ 10 ᠵᠢᠯ ᠡᠴᠡ ᠨᠠᠭᠠᠰᠢᠬᠢ ᠬᠠᠮᠤᠭ ᠤᠨ ᠨᠤᠴᠢᠲᠠᠢ RRV ᠬᠢᠵᠢᠭ᠌ ᠡᠪᠡᠳᠴᠢᠨ ᠲᠡᠯᠭᠡᠷᠡᠵᠦ᠂ ᠬᠠᠯᠲᠠᠪᠤᠷᠢᠯᠠᠭᠲᠠᠭᠰᠠᠨ ᠬᠦᠮᠦᠨ 1000 ᠬᠦᠷᠪᠡ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
  • 《ᠮᠢᠨᠦ ᠰᠠᠢᠢᠬᠠᠨ ᠮᠤᠩᠭ᠋ᠤᠯ ᠬᠡᠯᠡ》 ᠤᠷᠲᠤᠰ ᠬᠤᠲᠠ ᠶᠢᠨ ᠤᠯᠠᠭᠠᠭᠴᠢᠨ ᠲᠠᠬᠢᠶ᠎ᠠ ᠵᠢᠯ ᠤᠨ ᠪᠠᠭᠠᠴᠤᠳ ᠬᠡᠦᠬᠡᠳ ᠤᠨ ᠴᠠᠭᠠᠨ ᠰᠠᠷ᠎ᠠ ᠶᠢᠨ ᠦᠲᠡᠰᠢᠯᠡᠭᠡ (ᠨᠢᠭᠡ )
关闭
010070230030000000000000011120791120519281