蒙古文网站Logo
ᠰᠢᠨᠬᠤᠸᠠ ᠮᠤᠩᠭ᠋ᠤᠯ ᠨᠧᠲ

ᠪᠠᠶ᠎ᠠ ᠪᠠᠨ ᠤᠬᠢᠶᠠᠬᠤ ᠳ᠋ᠤ ᠠᠩᠬᠠᠷᠬᠤ ᠲᠠᠪᠤᠨ ᠵᠦᠢᠯ

2017-03-09 16:36

    ᠰᠡᠬᠦᠯ ᠤᠨ ᠦᠶ᠎ᠠ ᠳ᠋ᠤ ᠠᠮᠸᠷᠢᠺᠠ ᠶᠢᠨ ᠡᠷᠡᠬᠦᠯ ᠮᠡᠨᠲᠦ ᠶᠢᠨ ᠰᠡᠳᠬᠦᠯ ᠳ᠋ᠤ ᠪᠠᠶ᠎ᠠ ᠤᠬᠢᠶᠠᠬᠤ ᠳ᠋ᠤ ᠠᠩᠬᠠᠷᠬᠤ ᠴᠢᠬᠤᠯᠠᠲᠠᠢ 5 ᠵᠦᠢᠯ ᠢ ᠰᠠᠨᠠᠭᠤᠯᠪᠠ᠃

    ᠪᠠᠶ᠎ᠠ ᠪᠠᠨ ᠤᠬᠢᠶᠠᠭᠰᠠᠨ ᠤ ᠲᠠᠷᠠᠭ᠎᠎ᠠ ᠬᠦᠮᠦᠨ ᠤ ᠪᠠᠶ᠎ᠠ ᠶᠢᠨ ᠠᠷᠠᠰᠤ ᠨᠢᠯᠴᠠᠭᠠᠢ ᠵᠦᠬᠡᠯᠡᠨ ᠪᠤᠯᠵᠤ᠂ ᠤᠬᠢᠶᠠᠯᠭ᠎ᠠ ᠶᠢᠨ ᠠᠯᠴᠢᠭᠤᠷ ᠶᠢᠡᠷ ᠬᠦᠴᠦᠲᠡᠢ ᠵᠦᠯᠬᠦᠪᠡᠯ ᠠᠷᠠᠰᠤ ᠶᠢ ᠠᠮᠠᠷᠠᠬᠠᠨ ᠬᠡᠮᠲᠦᠭᠡᠨ᠎ᠡ᠃ ᠵᠦᠪ ᠠᠷᠭ᠎ᠠ ᠨᠢ ᠤᠬᠢᠶᠠᠯᠭ᠎ᠠ ᠶᠢᠨ ᠠᠯᠴᠢᠭᠤᠷ ᠶᠢᠡᠷ ᠬᠦᠩᠭᠡᠨ ᠵᠦᠯᠬᠦᠪᠡᠯ ᠪᠤᠯᠴᠢᠬᠠᠨ᠎ᠠ᠃

    ᠤᠯᠠᠩᠬᠢ ᠬᠦᠮᠦᠰ ᠦᠷᠯᠦᠭᠡ ᠳ᠋ᠡᠭᠡᠨ ᠪᠠᠶ᠎ᠠ ᠤᠬᠢᠶᠠᠪᠠᠯ ᠰᠠᠢᠢᠨ ᠭᠡᠵᠦ ᠦᠵᠡᠲᠡᠭ᠂ ᠤᠨᠴᠠᠭᠠᠢᠢᠯᠠᠨ ᠦᠯᠦᠨ ᠶᠢᠡᠷ ᠪᠠᠶ᠎ᠠ ᠪᠠᠨ ᠤᠬᠢᠶᠠᠬᠤ ᠨᠢ ᠠᠮᠠᠷᠠᠬᠠᠨ ᠲᠤᠯᠤᠭᠠᠢ ᠡᠷᠬᠢᠬᠦ ᠮᠡᠲᠦ ᠶᠢᠨ ᠪᠠᠢᠢᠲᠠᠯ ᠭᠠᠷᠴᠤ ᠮᠡᠲᠡᠨ᠎ᠡ᠃ ᠬᠠᠮᠤᠭ ᠤᠨ ᠰᠠᠢᠢᠨ ᠨᠢ ᠤᠷᠤᠢ ᠤᠨᠲᠠᠬᠤ ᠡᠴᠡ ᠡᠮᠦᠨ᠎ᠡ ᠪᠠᠶ᠎ᠠ ᠪᠠᠨ ᠤᠬᠢᠶᠠᠪᠠᠯ ᠪᠠᠶ᠎ᠠ ᠶᠢᠨ ᠬ᠍ᠬᠢᠷ ᠲᠤᠭᠤᠰᠤ ᠶᠢ ᠤᠬᠢᠶᠠᠬᠤ ᠪᠡᠷ ᠪᠠᠷᠠᠬᠤ ᠦᠭᠡᠢ ᠶᠠᠲᠠᠷᠠᠭ᠎ᠠ ᠴᠢᠯᠡᠭᠡ ᠶᠢ ᠲᠠᠨᠢ ᠲᠠᠢᠢᠯᠬᠤ ᠪᠤᠯᠤᠨ᠎ᠠ᠃

    ᠪᠠᠶ᠎ᠠ ᠪᠠᠨ ᠤᠬᠢᠶᠠᠬᠤ ᠬᠠᠨᠲᠠ ᠳ᠋ᠤ ᠬᠢᠮᠢ ᠶᠢᠨ ᠡᠯᠸᠮ᠌ᠸᠨ᠋ᠲ ᠠᠭᠤᠯᠤᠭᠲᠠᠬᠤ ᠪᠡᠷ ᠠᠷᠠᠰᠤᠨ ᠳ᠋ᠤ ᠮᠠᠭᠤ ᠪᠠᠢᠢᠲᠠᠭ᠃ ᠦᠨᠡᠨ ᠬᠦ ᠬᠡᠷᠡᠭᠯᠡᠬᠦ ᠴᠢᠬᠤᠯᠠᠲᠠᠢ ᠪᠤᠯ ᠪᠠᠭ᠎ᠠ ᠬᠡᠷᠡᠭᠯᠡᠪᠡᠯ ᠵᠤᠬᠢᠨ᠎ᠠ᠂ ᠬᠠᠮᠤᠭ ᠤᠨ ᠰᠠᠢᠢᠨ ᠨᠢ ᠴᠡᠪᠡᠷ ᠤᠰᠤ ᠪᠡᠷ ᠪᠠᠶ᠎ᠠ ᠪᠠᠨ ᠤᠬᠢᠶᠠᠪᠠᠯ ᠵᠤᠬᠢᠨ᠎ᠠ᠃

    ᠤᠯᠠᠩᠬᠢ ᠬᠦᠮᠦᠰ ᠤᠰᠤ ᠨᠢ ᠬᠡᠲᠦ ᠬᠠᠯᠠᠭᠤᠨ ᠪᠤᠯ ᠰᠠᠢᠢᠨ ᠭᠡᠵᠦ ᠦᠵᠡᠲᠡᠭ᠂ ᠦᠨᠡᠨ ᠳ᠋ᠡᠭᠡᠨ ᠪᠠᠶ᠎ᠠ ᠪᠠᠨ ᠤᠬᠢᠶᠠᠬᠤ ᠤᠰᠤᠨ ᠤ ᠲᠤᠯᠠᠭᠠᠨ ᠤ ᠬᠡᠮᠵᠢᠶ᠎ᠠ 45 ᠭ᠍ᠷᠠᠳᠦ᠋ᠰ ᠤᠷᠴᠢᠮ ᠪᠠᠢᠢᠪᠠᠯ ᠬᠠᠮᠤᠭ ᠰᠠᠢᠢᠨ᠃

    ᠪᠠᠶ᠎ᠠ ᠪᠠᠨ ᠤᠬᠢᠶᠠᠬᠤ ᠴᠠᠭ ᠢ 15 ᠮᠢᠨᠦ᠋ᠲ ᠲᠤ ᠬᠢᠵᠠᠭᠠᠷᠯᠠᠪᠠᠯ ᠵᠤᠬᠢᠨ᠎ᠠ᠃ ᠤᠷᠲᠤ ᠬᠤᠭᠤᠴᠠᠭ᠎ᠠ ᠪᠡᠷ ᠪᠠᠶ᠎ᠠ ᠪᠠᠨ ᠤᠬᠢᠶᠠᠬᠤ ᠨᠢ ᠠᠮᠠᠷᠠᠬᠠᠨ ᠶᠠᠲᠠᠷᠠᠬᠤ ᠪᠦᠭᠡᠳ ᠠᠷᠠᠰᠤᠨ ᠳ᠋ᠤ ᠴᠣ ᠮᠠᠭᠤ ᠪᠠᠢᠢᠲᠠᠭ᠃

ᠢᠷᠡᠯᠳᠡ᠄ ᠠᠮᠢ ᠨᠠᠰᠤ ᠴᠠᠭ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120791120599300