蒙古文网站Logo
ᠰᠢᠨᠬᠤᠸᠠ ᠮᠤᠩᠭ᠋ᠤᠯ ᠨᠧᠲ

ᠭᠠᠩᠰᠠᠷᠠᠬᠤ ᠬᠡᠮ ᠳᠤ ᠵᠦᠪ  ᠶᠢᠡᠷ ᠬᠠᠨᠳᠤᠵᠤ ᠴᠠᠭ ᠲᠤᠬᠠᠢ ᠳᠤ ᠨᠢ ᠡᠮᠨᠡᠭᠦᠯᠬᠦ ᠶᠤᠰᠤᠲᠠᠢ

2017-04-07 10:44

    4 ᠰᠠᠷ᠎ᠠ ᠶᠢᠨ 7 ᠤ ᠡᠳᠦᠷ ᠪᠤᠯ ᠳᠡᠯᠡᠬᠡᠢ ᠶᠢᠨ ᠡᠷᠡᠭᠦᠯ ᠬᠠᠮᠠᠭᠠᠯᠠᠯ ᠤᠨ ᠡᠳᠦᠷ ᠮᠦᠨ᠂ ᠭᠠᠩᠰᠠᠷᠠᠬᠤ ᠬᠡᠮ  ᠢ ᠠᠩᠬᠠᠷᠬᠤ ᠨᠢ ᠡᠨᠡ ᠵᠢᠯ ᠤᠨ ᠭᠤᠤᠯ ᠠᠭᠤᠯᠭ᠎ᠠ ᠪᠤᠯᠤᠨ᠎ᠠ᠃

    ᠤᠶᠢᠷ᠎ᠠ ᠳᠤ᠂ ᠰᠤᠷᠪᠤᠯᠵᠢᠯᠠᠬᠴᠢ ᠲᠠᠶᠢᠶᠤᠧᠠᠨ ᠬᠤᠲᠠ ᠶᠢᠨ ᠱᠠᠨ ᠰᠢ ᠶᠡᠬᠡ ᠡᠮᠨᠡᠯᠭᠡ ᠶᠢᠨ ᠤᠶᠤᠨ ᠤ ᠡᠷᠡᠭᠦᠯ ᠬᠠᠮᠠᠭᠠᠯᠠᠯ ᠤᠨ ᠲᠠᠰᠤᠭ ᠡᠴᠡ ᠤᠶᠢᠯᠠᠭᠠᠭᠰᠠᠨ ᠢᠶᠡᠷ᠂ ᠲᠤᠰ ᠡᠮᠨᠡᠯᠭᠡ ᠶᠢᠨ ᠭᠠᠩᠰᠠᠷᠠᠯ ᠡᠪᠡᠳᠴᠢᠲᠠᠨ ᠵᠢᠯ ᠡᠴᠡ ᠵᠢᠯ ᠨᠡᠮᠡᠭᠳᠡᠵᠤ᠂ ᠳᠤᠮᠳᠠᠴᠢ ᠪᠠᠷ ᠰᠠᠷ᠎ᠠ ᠪᠦᠷᠢ ᠳᠠᠪᠬᠤᠷᠳᠠᠬᠰᠠᠨ ᠲᠤᠭ᠎ᠠ ᠪᠡᠷ 1500 ᠬᠦᠮᠦᠨ ᠢ ᠡᠮᠨᠡᠨ᠂ ᠵᠠᠯᠠᠭᠤᠵᠢᠯᠲᠠ ᠶᠢᠨ ᠬᠠᠨᠳᠤᠰᠢ ᠢᠯᠠᠳᠲᠠ ᠮᠡᠳᠡᠭᠳᠡᠵᠡᠢ᠃ ᠱᠠᠨ ᠰᠢ ᠶᠡᠬᠡ ᠡᠮᠨᠡᠯᠭᠡ ᠶᠢᠨ ᠤᠶᠤᠨ ᠤ ᠡᠷᠡᠭᠦᠯ ᠬᠠᠮᠠᠭᠠᠯᠠᠯ ᠤᠨ ᠲᠠᠰᠤᠭ ᠤᠨ ᠶᠡᠷᠦᠩᠬᠡᠢ ᠡᠮᠴᠢ ᠶᠠᠩ ᠬᠤᠩ᠂ ᠭᠠᠩᠰᠠᠷᠠᠬᠤ ᠬᠡᠮ ᠨᠢ ᠠᠶᠤᠮᠰᠢᠬᠲᠠᠢ ᠡᠪᠡᠳᠴᠢᠨ ᠪᠢᠰᠢ᠂ ᠡᠪᠡᠳᠴᠢᠨ ᠢᠶᠡᠨ ᠡᠮᠴᠢᠯᠡᠭᠦᠯᠦᠯ ᠦᠬᠡᠢ ᠨᠢᠭᠤᠬᠤ  ᠨᠢ ᠰᠠᠶ᠊ᠢ ᠠᠶᠤᠮᠰᠢᠬᠲᠠᠢ ᠪᠠᠶᠢᠳᠠᠭ᠂ ᠬᠡᠷᠪᠠ ᠭᠠᠩᠰᠠᠷᠠᠬᠤ ᠬᠡᠮ ᠤᠨ ᠰᠢᠨᠵᠢ ᠲᠡᠮᠳᠡᠭ ᠢᠯᠡᠷᠡᠪᠡᠯ ᠴᠠᠭ ᠲᠤᠬᠠᠢ ᠳᠤ ᠨᠢ ᠡᠮᠨᠡᠬᠦᠯᠵᠤ᠂ ᠬᠠᠮᠤᠭ ᠤᠨ ᠲᠤᠬᠢᠷᠠᠮᠵᠢᠲᠠᠢ ᠡᠮᠨᠡᠨ ᠵᠠᠰᠠᠬᠤ ᠴᠠᠭ ᠢ ᠠᠯᠳᠠᠬᠤ ᠦᠬᠡᠢ ᠪᠠᠶᠢᠬᠤ ᠶᠢ ᠬᠢᠴᠢᠶᠡᠬᠡᠷᠡᠢ ᠬᠡᠵᠤ ᠰᠠᠨᠠᠭᠠᠤᠯᠵᠡᠢ᠃ (ᠵᠢᠷᠤᠭ ᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠬᠴᠢ ᠼᠤᠤ ᠶᠠᠩ)

4 ᠰᠠᠷ᠎ᠠ ᠶᠢᠨ 6 ᠤ ᠡᠳᠦᠷ᠂ ᠱᠠᠨ ᠰᠢ ᠶᠡᠬᠡ ᠡᠮᠨᠡᠯᠭᠡ ᠶᠢᠨ ᠤᠶᠤᠨ ᠤ ᠡᠷᠡᠭᠦᠯ ᠬᠠᠮᠠᠭᠠᠯᠠᠯ ᠤᠨ ᠲᠠᠰᠤᠭ ᠤᠨ ᠶᠡᠷᠦᠩᠬᠡᠢ ᠡᠮᠴᠢ ᠶᠠᠩ ᠬᠤᠩ ᠭᠠᠩᠰᠠᠷᠠᠯ ᠡᠪᠡᠳᠴᠢᠲᠠᠨ ᠢ ᠤᠨᠤᠰᠢᠯᠠᠵᠤ ᠪᠤᠢ

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011100001120767396