蒙古文网站Logo
ᠰᠢᠨᠬᠤᠸᠠ ᠮᠤᠩᠭ᠋ᠤᠯ ᠨᠧᠲ

ᠬᠡᠷᠬᠢᠨ ᠨᠠᠷᠠᠨ ᠳᠤ ᠡᠭᠡᠭᠡᠵᠤ ᠺᠠᠯᠼᠢ ᠨᠦᠬᠦᠪᠦᠷᠢᠯᠡᠬᠦ ᠪᠤᠢ ?

2017-04-24 11:54

    ᠨᠠᠷᠠᠨ ᠤ ᠡᠬᠡᠬᠡᠯᠲᠠ ᠪᠤᠯ ᠨᠡᠶᠢᠲᠠ ᠳᠤ ᠵᠦᠪᠰᠢᠶᠡᠷᠡᠭᠳᠡᠭᠰᠡᠨ ᠸᠢᠲ᠋ᠠᠮᠢᠨ D ᠶ᠋ᠢᠨ ᠭᠤᠤᠯ ᠡᠬᠢ ᠰᠤᠷᠪᠤᠯᠵᠢ ᠮᠦᠨ᠂ ᠬᠦᠮᠦᠨ ᠤ ᠪᠡᠶ᠎ᠠ ᠶᠢᠨ 90 %  ᠡᠴᠡ ᠳᠡᠭᠡᠭ᠍ᠰᠢᠬᠢ ᠸᠢᠲ᠋ᠠᠮᠢᠨ D ᠨᠠᠷᠠᠨ ᠤ ᠡᠬᠡᠬᠡᠯᠲᠠ ᠡᠴᠡ ᠢᠷᠡᠯᠲᠠᠢ᠃ ᠢᠳᠡᠬᠡᠨ ᠬᠦᠨᠡᠰᠦᠨ  ᠳᠤ ᠸᠢᠲ᠋ᠠᠮᠢᠨ D ᠶ᠋ᠢᠨ ᠠᠭᠤᠯᠤᠭᠳᠠᠴᠠ ᠮᠠᠰᠢ ᠪᠠᠭ᠎ᠠ᠂ ᠤᠯᠠᠮᠵᠢᠯᠠᠯᠲᠤ ᠬᠢᠲᠠᠳ ᠬᠤᠭᠤᠯᠠᠨ ᠳᠤ ᠸᠢᠲ᠋ᠠᠮᠢᠨ D ᠶ᠋ᠢᠨ ᠠᠭᠤᠯᠤᠭᠳᠠᠴᠠ ᠨᠡᠩ ᠴᠤ ᠪᠠᠭ᠎ᠠ ᠪᠠᠶᠢᠳᠠᠭ᠂ ᠡᠶᠢᠮᠦ ᠡᠴᠡ ᠨᠠᠷᠠᠨ ᠳᠤ ᠢᠯᠡᠭᠦᠦ ᠡᠬᠡᠬᠡᠬᠦ ᠨᠢ ᠲᠤᠩ ᠴᠢᠬᠤᠯᠠ᠃

ᠨᠠᠷᠠᠨ ᠳᠤ ᠡᠭᠡᠭᠡᠬᠦ ᠴᠠᠭ ᠢᠶᠡᠨ ᠵᠣᠬᠢᠰᠲᠠᠢ ᠲᠤᠬᠢᠷᠠᠭᠤᠯᠤᠨ᠎ᠠ

    ᠸᠢᠲ᠋ᠠᠮᠢᠨ D ᠶ᠋ᠢᠨ ᠨᠡᠶᠢᠯᠡᠯᠬᠡ ᠪᠦᠲᠦᠬᠦ ᠬᠠᠮᠤᠭ ᠤᠨ ᠰᠠᠶᠢᠨ ᠴᠠᠭ ᠨᠢ 10 ᠄ 00 -14 ᠄ 00 ᠴᠠᠭ ᠤᠨ ᠬᠤᠭᠤᠷᠤᠨᠳᠤ᠂ ᠲᠤᠰ ᠬᠤᠭᠤᠴᠠᠭᠠᠨ ᠳᠤ ᠬᠦᠷᠠᠨ ᠤ ᠭᠠᠳᠠᠨᠠᠬᠢ ᠲᠤᠶᠠᠭ᠎ᠠ ᠰᠢᠭᠤᠳ ᠲᠤᠰᠴᠤ᠂ ᠰᠡᠭᠦᠳᠡᠷ ᠪᠡᠶ᠎ᠠ ᠶᠢᠨ ᠦᠨᠳᠤᠷ ᠡᠴᠡ ᠪᠡᠨ ᠪᠤᠭᠤᠨᠢ ᠪᠠᠶᠢᠳᠠᠭ᠂ ᠡᠨᠡ ᠦᠶᠠᠰ ᠨᠠᠷᠠᠨ ᠳᠤ ᠡᠬᠡᠬᠡᠬᠦ ᠨᠢ ᠬᠠᠮᠤᠭ ᠤᠨ ᠲᠤᠬᠢᠷᠠᠮᠵᠢᠲᠠᠢ᠃ ᠥᠷᠯᠦᠬᠡ ᠡᠷᠲᠠ ᠪᠠ ᠪᠦᠷᠦᠢ ᠶᠢᠨ ᠨᠠᠷᠠᠨ  ᠳᠤ ᠵᠦᠪᠬᠡᠨ UVA ᠠᠭᠤᠯᠵᠤ᠂ UVB ᠠᠭᠤᠯᠬᠤ ᠦᠬᠡᠢ᠂ ᠡᠶᠢᠮᠦ ᠡᠴᠡ ᠸᠢᠲ᠋ᠠᠮᠢᠨ D ᠶ᠋ᠢᠨ ᠨᠡᠶᠢᠯᠡᠯᠬᠡ ᠪᠦᠲᠤᠵᠤ ᠴᠢᠳᠠᠬᠤ ᠦᠬᠡᠢ ᠮᠦᠷᠲᠡᠬᠡᠨ ᠨᠢᠭᠤᠷ ᠤᠨ ᠬᠦᠷᠦᠰᠦ ᠶᠢ ᠬᠦᠭ᠍ᠰᠢᠷᠠᠭᠦᠯᠦᠨ᠎ᠠ᠃

ᠬᠤᠪᠴᠠᠰᠤ ᠬᠤᠨᠠᠷ ᠢᠶᠡᠨ ᠨᠢᠮᠭᠡᠯᠡᠨ᠎ᠠ

    ᠠᠷᠠᠰᠤ ᠬᠦᠷᠦᠰᠦ ᠪᠡᠨ ᠢᠯᠠ ᠪᠠᠶᠢᠯᠭᠠᠬᠤ ᠲᠠᠯᠠᠪᠠᠢ ᠨᠢ ᠤᠯᠠᠮ ᠶᠡᠬᠡ ᠪᠤᠯ ᠸᠢᠲ᠋ᠠᠮᠢᠨ D ᠶ᠋ᠢᠨ ᠨᠡᠶᠢᠯᠡᠯᠬᠡ ᠪᠦᠲᠤᠬᠦ ᠬᠡᠮᠵᠢᠶ᠎ᠠ ᠤᠯᠠᠮ ᠶᠡᠬᠡ᠂ ᠡᠶᠢᠮᠦ ᠡᠴᠡ ᠤᠷᠴᠢᠨ ᠲᠤᠭᠤᠷᠢᠨ ᠵᠦᠪᠰᠢᠶᠠᠷᠡᠭᠰᠡᠨ ᠪᠠᠶᠢᠳᠠᠯ ᠳᠤ ᠬᠤᠪᠴᠠᠰᠤ ᠬᠤᠨᠠᠷ ᠢᠶᠡᠨ ᠴᠢᠳᠠᠬᠤ ᠶᠢᠨ ᠳᠤᠲᠤᠷ᠎ᠠ ᠨᠢᠮᠭᠡᠯᠡᠪᠠᠯ ᠰᠠᠶᠢᠨ᠃

ᠰᠡᠷᠭᠡᠶᠢᠯᠡᠵᠤ ᠬᠠᠮᠠᠭᠠᠯᠠᠬᠤ ᠪᠡᠨ ᠠᠩᠬᠠᠷᠤᠨ᠎ᠠ

    ᠨᠠᠷᠠᠨ ᠤ ᠬᠡᠷᠡᠯ ᠤᠨ ᠬᠦᠷᠠᠨ ᠤ ᠭᠠᠳᠠᠨᠠᠬᠢ ᠲᠤᠶᠠᠭ᠎ᠠ ᠬᠡᠲᠤ ᠴᠢᠩᠭ᠎ᠠ ᠪᠤᠯ ᠴᠠᠭᠠᠨ ᠬᠠᠷᠠᠩ ᠡᠬᠦᠰᠬᠦ ᠠᠶᠤᠯ ᠲᠠᠢ᠂ ᠡᠶᠢᠮᠦ ᠡᠴᠡ ᠨᠡᠷᠠᠨ ᠳᠤ ᠡᠭᠡᠭᠡᠬᠦ ᠳᠤ ᠪᠡᠨ ᠨᠠᠷᠠᠨ ᠤ ᠰᠢᠯ ᠵᠡᠬᠦᠬᠦ ᠪᠤᠶᠤ ᠮᠠᠯᠠᠭᠠᠢ ᠡᠮᠦᠰᠴᠤ ᠨᠢᠳᠤᠨ ᠳᠤ ᠰᠢᠭᠤᠳ ᠲᠤᠰᠬᠤ ᠬᠡᠷᠡᠯ ᠢ ᠬᠠᠯᠬᠠᠯᠠᠨ᠎ᠠ᠃

ᠥᠷᠥᠬᠡᠨ ᠤ ᠭᠠᠳᠠᠨ᠎ᠠ ᠨᠠᠷᠠᠨ ᠳᠤ ᠡᠭᠡᠬᠡᠨ᠎ᠠ

    ᠥᠷᠦᠬᠡᠨ ᠤ ᠭᠠᠳᠠᠨ᠎ᠠ ᠠᠭᠠᠷ ᠤᠨ ᠳᠤᠯᠠᠭᠠᠨ ᠳᠤᠤᠷ᠎ᠠ᠂ ᠪᠠᠰᠠ ᠵᠠᠷᠢᠮ ᠳᠤ ᠪᠡᠨ ᠰᠠᠯᠬᠢ ᠲᠠᠢ ᠡᠴᠡ ᠬᠦᠮᠦᠰ ᠬᠡᠷ ᠤᠨ  ᠢᠶᠡᠨ ᠴᠤᠩᠬᠤᠨ ᠤ ᠬᠠᠵᠠᠭᠤ ᠳᠤ ᠨᠠᠷᠠᠨ ᠳᠤ ᠡᠬᠡᠬᠡᠳᠡᠭ᠃ ᠭᠡᠪᠡᠴᠤ ᠴᠤᠩᠬᠤᠨ ᠤ ᠰᠢᠯ ᠸᠢᠲ᠋ᠠᠮᠢᠨ D ᠶ᠋ᠢᠨ ᠨᠡᠶᠢᠯᠡᠯᠬᠡ ᠶᠢ ᠪᠦᠲᠤᠬᠡᠬᠦ UVB ᠶᠢ ᠬᠠᠷᠰᠢᠯᠠᠨ᠎ᠠ᠃

ᠤᠰᠤ ᠨᠦᠬᠦᠪᠦᠷᠢᠯᠡᠬᠦ ᠶᠢ ᠠᠩᠬᠠᠷᠤᠨ᠎ᠠ

    ᠨᠠᠷᠠᠨ ᠳᠤ ᠡᠭᠡᠭᠡᠭ᠍ᠰᠡᠨ ᠤ ᠳᠠᠷᠠᠭ᠎ᠠ ᠨᠢᠭᠤᠷ ᠪᠤᠯᠤᠨ ᠪᠡᠶ᠎ᠠ ᠶᠢᠨ ᠬᠦᠷᠦᠰᠦ ᠂ ᠬᠦᠷᠦᠰᠦᠨ ᠤ ᠳᠤᠤᠷᠠᠬᠢ ᠨᠡᠭᠡᠳᠡᠰᠤ ᠶᠢᠨ ᠴᠢᠰᠤᠨ ᠤ ᠤᠷᠤᠰᠴᠠ ᠮᠡᠳᠡᠭᠳᠡᠮ᠎ᠠ ᠳᠡᠭᠡᠭ᠍ᠰᠢᠯᠡᠬᠦ ᠮᠦᠷᠲᠡᠬᠡᠨ ᠬᠦᠯᠦᠰᠦ ᠭᠠᠷᠬᠤ ᠤᠴᠢᠷ ᠡᠴᠡ ᠤᠰᠤ ᠠᠯᠳᠠᠬᠤ ᠪᠤᠶᠤ ᠮᠠᠨᠠᠷᠠᠬᠤ ᠠᠶᠤᠯ ᠶᠡᠬᠡ᠂ ᠤᠨᠴᠠᠭᠠᠶᠢᠯᠠᠨ ᠨᠠᠰᠤᠲᠠᠶᠢᠴᠤᠳ ᠂ ᠪᠡᠶ᠎ᠠ ᠪᠠᠭᠤᠷᠠᠢ ᠬᠦᠮᠦᠰ ᠳᠠᠷᠤᠶᠢᠬᠠᠨ ᠤᠰᠤ ᠨᠦᠬᠦᠪᠦᠷᠢᠯᠡᠬᠦ ᠴᠢᠬᠤᠯᠠ ᠲᠠᠢ᠂ ᠤᠰᠤ ᠠᠯᠳᠠᠬᠤ ᠡᠴᠡ ᠬᠢᠴᠢᠶᠠᠪᠠᠯ ᠵᠣᠬᠢᠨ᠎ᠠ᠃

ᠢᠷᠡᠯᠳᠡ᠄ ᠪᠡᠬᠡᠵᠢᠩ ᠤᠨ ᠥᠷᠯᠦᠬᠡᠨ ᠤ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011100001120863533