蒙古文网站Logo
ᠰᠢᠨᠬᠤᠸᠠ ᠮᠤᠩᠭ᠋ᠤᠯ ᠨᠧᠲ

ᠨᠤᠶᠢᠷ ᠠᠯᠳᠠᠪᠠᠯ ᠪᠡᠶ᠎ᠠ ᠮᠠᠭᠤᠳᠠᠵᠤ ᠪᠠᠶᠢᠬᠤ ᠶᠢᠨ ᠲᠡᠮᠳᠡᠭ

2017-05-12 15:32

    ᠨᠤᠶᠢᠷ ᠪᠤᠯ ᠬᠦᠮᠦᠨ ᠤ ᠪᠡᠶ᠎ᠠ ᠶᠢᠨ ᠠᠮᠢᠰᠬᠤᠭ᠎ᠠ ᠪᠠ ᠵᠢᠷᠤᠬᠡᠨ ᠴᠤᠬᠢᠯᠭ᠎ᠠ ᠶᠢᠨ ᠳᠠᠷᠠᠭ᠎ᠠ ᠯᠠ ᠤᠷᠤᠬᠤ ᠴᠢᠬᠤᠯᠠ ᠵᠦᠢᠯ ᠮᠦᠨ᠃ ᠨᠤᠶᠢᠷ ᠬᠤᠯᠵᠢᠬᠤ᠂ ᠠᠮᠠᠷᠬᠠᠨ ᠰᠡᠷᠢᠬᠦ᠂ ᠵᠡᠭᠦᠳᠦ ᠤᠯᠠᠨ ᠪᠠᠶᠢᠪᠠᠯ ᠡᠷᠲᠡᠬᠡᠨ ᠡᠮᠨᠡᠬᠦᠯᠬᠦ ᠴᠢᠬᠤᠯᠠᠲᠠᠢ᠃

    ᠨᠤᠶᠢᠷ ᠮᠠᠭᠤ ᠪᠤᠯ ᠤᠷᠮ᠎ᠠ ᠮᠠᠭᠤᠳᠠᠨ᠎ᠠ᠃ᠲᠦᠷᠦᠬᠦᠦ ᠰᠦᠨᠢ ᠨᠢ ᠮᠠᠭᠤ ᠤᠨᠳᠠᠪᠠᠯ ᠳᠠᠷᠠᠭ᠎ᠠ ᠡᠳᠦᠷ ᠤᠨ ᠠᠵᠢᠯ ᠤᠨ ᠤᠷᠮ᠎ᠠ ᠨᠦᠯᠦᠭᠡᠯᠡᠭᠳᠡᠵᠤ᠂ ᠠᠭᠤᠷ ᠠᠭᠠᠰᠢ ᠬᠦᠷᠦᠬᠡᠳ ᠪᠠᠶᠢᠳᠠᠭ᠃

    ᠮᠠᠷᠢᠶᠠᠯᠠᠨ᠎ᠠ᠃ᠨᠤᠶᠢᠷ ᠮᠠᠭᠤ ᠪᠤᠯ ᠪᠡᠶ᠎ᠠ ᠶᠢᠨ ᠬᠤᠷᠮᠤᠨ ᠲᠡᠩᠴᠡᠭᠦᠷᠢ ᠠᠯᠳᠠᠵᠤ᠂ ᠢᠯᠴᠢ ᠶᠡᠬᠡᠲᠠᠢ ᠢᠳᠡᠭᠡᠨ  ᠤ ᠳᠤᠷᠠᠰᠢᠯ ᠶᠡ᠍ᠬᠡᠳᠳᠡᠭ ᠡᠴᠡ ᠠᠮᠠᠷᠬᠠᠨ ᠮᠠᠷᠢᠶᠠᠯᠠᠨ᠎ᠠ᠃

    ᠲᠤᠯᠤᠭᠠᠢ ᠡᠪᠡᠳᠦᠨ᠎ᠠ᠃ᠲᠤᠭ᠎ᠠ ᠪᠠᠷᠢᠮᠲᠠ ᠶᠢ ᠦᠨᠳᠤᠰᠤᠯᠠᠪᠡᠯ᠂ ᠪᠠᠷᠤᠭ 36‌% ᠍~ 58%  ᠶᠢᠨ ᠨᠤᠶᠢᠷ ᠮᠠᠭᠤᠲᠠᠢ ᠬᠦᠮᠦᠰ ᠨᠤᠶᠢᠷ ᠡᠴᠡ ᠪᠡᠨ ᠰᠠᠷᠢᠬᠦ ᠦᠶᠡᠰ ᠲᠤᠯᠤᠭᠠᠢ ᠡᠪᠡᠳᠬᠦ᠂ ᠰᠢᠳᠤ ᠡᠪᠡᠳᠬᠦ᠂ ᠨᠢᠷᠤᠭᠤ ᠡᠪᠡᠳᠬᠦ ᠵᠡᠷᠭᠡ ᠢᠯᠡᠷᠡᠯ ᠲᠠᠢ᠂ ᠡᠬᠦᠨ ᠡᠴᠡ ᠭᠠᠳᠠᠨ᠎ᠠ ᠡᠪᠡᠳᠬᠦ ᠶᠢ ᠳᠡᠰᠪᠤᠷᠢᠯᠡᠬᠦ ᠴᠢᠳᠠᠪᠤᠷᠢ ᠴᠤ ᠮᠠᠭᠤᠳᠠᠳᠠᠭ᠃

    ᠬᠠᠷᠠᠭ᠎ᠠ ᠪᠠᠯᠠᠷᠠᠨ᠎ᠠ᠃ᠨᠤᠶᠢᠷ ᠮᠠᠭᠤ ᠡᠴᠡ ᠬᠠᠷᠠᠭ᠎ᠠ ᠠᠮᠠᠷᠬᠠᠨ ᠪᠠᠯᠠᠷᠬᠠᠶᠢᠲᠠᠨ᠂ ᠴᠢᠨᠠᠭᠰᠢᠯᠠᠪᠠᠯ ᠬᠡᠢ ᠰᠠᠷᠡᠭᠳᠡᠯ ᠭᠠᠷᠳᠠᠭ ᠲᠤᠯᠠ ᠵᠠᠮ ᠬᠠᠷᠢᠯᠴᠠᠭᠠᠨ ᠤ ᠡᠨᠳᠡᠯ ᠢ ᠬᠢᠴᠢᠶᠡᠭᠦᠰᠢᠲᠠᠢ᠃

    ᠲᠤᠰᠬᠠᠯ ᠪᠢᠳᠠᠭᠤᠷᠠᠨ᠎ᠠ᠃ᠨᠤᠶᠢᠷ ᠮᠠᠭᠤ ᠪᠤᠯ ᠭᠠᠳᠠᠨᠠᠬᠢ ᠪᠤᠳᠠᠰ ᠲᠤ ᠲᠤᠰᠬᠠᠯ ᠪᠢᠳᠠᠭᠤᠷᠠᠨ᠂ ᠠᠮᠠᠷᠬᠠᠨ ᠰᠡᠳᠬᠢᠯ ᠬᠤᠪᠢᠶᠠᠭᠳᠠᠳᠠᠭ᠃

    ᠮᠠᠷᠲᠠᠮᠠᠳᠠᠭᠠᠢ ᠪᠤᠯᠤᠨ᠎ᠠ᠃ᠨᠤᠶᠢᠷ ᠮᠠᠭᠤ ᠪᠤᠯ ᠮᠠᠷᠲᠠᠮᠠᠳᠠᠭᠠᠢ ᠪᠤᠯᠵᠤ᠂ ᠬᠣᠵᠢᠮ ᠨᠠᠰᠤᠲᠠᠶᠢᠴᠤᠳ ᠤᠨ ᠮᠡᠨᠡᠭ ᠡᠪᠡᠳᠴᠢᠨ ᠤᠯᠬᠤ ᠲᠦᠭᠰᠢᠭᠦᠷᠢ ᠨᠡᠮᠡᠭᠳᠡᠳᠡᠭ᠃

    ᠰᠤᠷᠤᠯᠴᠠᠬᠤ ᠴᠢᠳᠠᠪᠤᠷᠢ ᠮᠠᠭᠤᠳᠠᠨ᠎ᠠ᠃ᠤᠬᠤᠷ ᠬᠤᠭᠤᠴᠠᠭᠠᠨ ᠤ ᠴᠡᠭᠡᠵᠢᠯᠡᠪᠦᠷᠢ ᠪᠤᠯ ᠰᠤᠷᠤᠯᠴᠠᠯᠭ᠎ᠠ ᠶᠢᠨ ᠦᠷ᠎ᠠ ᠠᠰᠢᠭ ᠢ ᠰᠢᠢᠳᠪᠤᠷᠢᠯᠡᠬᠦ ᠵᠠᠩᠬᠢᠯᠠᠭ᠎ᠠ ᠶᠤᠮ᠂ ᠬᠡᠷᠪᠡ ᠨᠤᠶᠢᠷ ᠮᠠᠭᠤ ᠪᠤᠯ ᠡᠨᠡᠬᠦ ᠤᠬᠤᠷ ᠬᠤᠭᠤᠴᠠᠭᠠᠨ ᠤ ᠴᠡᠭᠡᠵᠢᠯᠡᠪᠦᠷᠢ ᠶᠢ ᠪᠠᠭᠤᠷᠠᠭᠤᠯᠳᠠᠭ᠃

ᠢᠷᠡᠯᠳᠡ᠄ ᠠᠮᠢᠳᠤᠷᠠᠯ ᠭᠠᠷᠠᠭ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011100001120963237