蒙古文网站Logo
ᠰᠢᠨᠬᠤᠸᠠ ᠮᠤᠩᠭ᠋ᠤᠯ ᠨᠧᠲ

ᠭᠠᠷᠠᠭ ᠤᠨ ᠨᠢᠬᠡᠨ ᠤ ᠦᠳᠡ ᠶᠢᠨ ᠡᠮᠦᠨ᠎ᠠ ᠠᠵᠢᠯ ᠢᠶᠡᠨ ᠪᠠᠭᠠᠰᠬᠠᠪᠠᠯ ᠵᠣᠬᠢᠨ᠎ᠠ

2017-05-17 16:58

    ᠯᠠᠪᠯᠠᠯᠲᠠ ᠶᠢᠨ ᠮᠡᠳᠡᠭᠡ ᠰᠣᠨᠢᠨ ᠤ 5 ᠰᠠᠷ᠎ᠠ ᠶᠢᠨ 15 ᠤ ᠡᠳᠦᠷ ᠤᠨ ᠮᠡᠳᠡᠭᠡ ᠶᠢ ᠦᠨᠳᠤᠰᠤᠯᠠᠪᠠᠯ᠂ ᠶᠠᠫᠤᠨ ᠤ ᠰᠤᠳᠤᠯᠭᠠᠨ ᠤ ᠪᠠᠭ ᠠᠵᠢᠯ ᠤᠨ ᠪᠠᠶᠢᠷᠢ ᠳᠤ ᠪᠠᠶᠢᠭ᠎ᠠ 207 ᠠᠵᠢᠯᠲᠠᠳ ᠲᠤ ᠰᠤᠳᠤᠯᠭᠠᠨ ᠬᠢᠭᠡᠳ ᠤᠯᠵᠦ ᠮᠡᠳᠡᠭᠰᠡᠨ ᠨᠢ᠂ ᠪᠤᠰᠤᠳ ᠬᠤᠭᠤᠴᠠᠭ᠎ᠠ ᠲᠠᠢ ᠠᠳᠠᠯᠢᠳᠬᠠᠪᠠᠯ ᠭᠠᠷᠠᠭ ᠤᠨ ᠨᠢᠬᠡᠨ ᠤ ᠦᠳᠡ ᠶᠢᠨ ᠡᠮᠦᠨ᠎ᠠ ᠬᠦᠮᠦᠨ ᠤ ᠵᠢᠷᠦᠬᠡᠨ ᠤ ᠳᠠᠭᠠᠭᠠᠴᠠ ᠬᠦᠨᠳᠦᠷᠡᠨ᠎ᠠ᠃

    ᠰᠤᠳᠤᠯᠭᠠᠨ ᠳᠤ ᠤᠷᠤᠯᠴᠠᠭᠰᠠᠨᠳ ᠲᠤ ᠡᠷᠡᠭᠲᠠᠢ ᠡᠮᠡᠭᠲᠠᠢ ᠪᠦᠷ ᠪᠤᠢ᠂ ᠳᠤᠮᠳᠠᠴᠢ ᠨᠠᠰᠤ ᠨᠢ 51᠂ ᠪᠦᠭᠦᠳᠡᠭᠡᠷ ᠠᠵᠢᠯ ᠤᠨ ᠡᠳᠦᠷ ᠠᠵᠢᠯᠯᠠᠳᠠᠭ ᠬᠦᠮᠦᠰ ᠂ ᠰᠦᠨᠢ  ᠢᠢᠨ ᠡᠭᠡᠯᠵᠢᠨ ᠳ᠋ᠦ ᠠᠵᠢᠯᠯᠠᠳᠠᠬ ᠪᠠ ᠵᠢᠷᠦᠬᠡᠨ ᠤ ᠡᠪᠡᠳᠴᠢᠨ ᠤ ᠲᠡᠤᠬᠡ ᠲᠠᠢ ᠬᠦᠮᠦᠰ ᠢ ᠪᠠᠭᠲᠠᠭᠠᠭᠰᠠᠨ ᠦᠬᠡᠢ᠃ 2015 – 2016 ᠤᠨ ᠤ ᠬᠤᠭᠤᠷᠤᠨᠳᠤ᠂ ᠰᠤᠳᠤᠯᠤᠭᠴᠢᠳ ᠭᠠᠷᠠᠭ ᠤᠨ ᠨᠢᠬᠡᠨ᠂ ᠭᠠᠷᠠᠭ ᠤᠨ ᠲᠠᠪᠤᠨ ᠪᠠ ᠭᠠᠷᠠᠭ ᠤᠨ ᠠᠮᠠᠷᠠᠬᠤ ᠡᠳᠦᠷ ᠲᠤ ᠲᠤᠬᠢᠷᠠᠭᠤᠯᠤᠨ ᠤᠷᠤᠯᠴᠠᠭᠰᠠᠨᠳ ᠤᠨ ᠴᠢᠰᠦᠨ ᠤ ᠳᠠᠷᠤᠯᠲᠠ ᠪᠠ ᠰᠤᠳᠠᠯ ᠤᠨ ᠯᠤᠭᠰᠢᠯᠲᠠ ᠶᠢ ᠳᠦᠷᠪᠡ ᠤᠳᠠᠭ᠎ᠠ ᠬᠡᠮᠵᠢᠵᠤ᠂ ᠭᠠᠷᠠᠭ ᠤᠨ ᠨᠢᠬᠡᠨ ᠤ ᠦᠳᠡ ᠶᠢᠨ ᠡᠮᠦᠨᠡᠬᠢ 10᠄ 00 ᠴᠠᠭ ᠤᠨ ᠦᠶ᠎ᠠ ᠶᠢᠨ ᠲᠤᠭ᠎ᠠ ᠬᠡᠮᠵᠢᠭ᠍ᠳᠠᠯ ᠪᠤᠰᠤᠳ ᠬᠤᠭᠤᠴᠠᠭᠠᠨ ᠤ ᠡᠴᠡ ᠦᠨᠳᠦᠷ ᠪᠠᠶᠢᠬᠤ ᠶᠢ ᠤᠯᠵᠤ ᠮᠡᠳᠡᠵᠡᠢ᠃

    ᠭᠠᠷᠠᠭ ᠤᠨ ᠨᠢᠬᠡᠨ ᠤ ᠦᠳᠡ ᠡᠴᠡ ᠡᠮᠦᠨ᠎ᠠ ᠬᠦᠳᠡᠯᠮᠦᠷᠢᠴᠢᠳ ᠵᠢᠷᠤᠬᠡᠨ ᠤ ᠡᠪᠠᠳᠴᠢᠨ ᠪᠠ ᠲᠠᠷᠢᠬᠢᠨ ᠤ ᠰᠤᠳᠠᠯ ᠤᠨ ᠡᠪᠡᠳᠴᠢᠨ ᠳᠤ ᠨᠡᠷᠪᠡᠭ᠍ᠳᠡᠬᠦ ᠡᠷᠡᠰᠳᠡᠯ ᠦᠨᠳᠦᠷ᠂ ᠬᠡᠪᠡᠴᠤ ᠰᠢᠯᠲᠠᠭᠠᠨ ᠢ ᠨᠢ ᠤᠳᠤ ᠪᠤᠯᠲᠠᠯ᠎ᠠ ᠲᠤᠳᠤᠯᠠᠵᠤ ᠴᠢᠳᠠᠭ᠎ᠠ ᠦᠬᠡᠢ᠃ ᠵᠢᠷᠦᠬᠡᠨ ᠤ ᠡᠪᠡᠳᠴᠢᠨ ᠵᠡᠷᠭᠡ ᠡᠪᠡᠳᠴᠢᠨ ᠢ ᠪᠠᠭᠠᠰᠬᠠᠬᠤ ᠶᠢᠨ ᠲᠤᠰᠠᠳᠠ᠂ ᠭᠠᠷᠠᠭ ᠤᠨ ᠨᠢᠬᠡᠨ ᠤ ᠠᠵᠢᠯ ᠤᠨ ᠬᠡᠮᠵᠢᠶ᠎ᠠ ᠶᠢ ᠬᠦᠩᠭᠡᠷᠡᠭᠦᠯᠪᠠᠯ ᠵᠣᠬᠢᠨ᠎ᠠ ᠬᠡᠵᠤ ᠮᠡᠷᠭᠡᠵᠢᠯᠲᠠᠨ ᠰᠠᠨᠠᠭᠤᠯᠵᠡᠢ᠃

ᠢᠷᠡᠯᠳᠡ᠄ ᠯᠠᠪᠯᠠᠯᠲᠠ ᠶᠢᠨ ᠮᠡᠳᠡᠭᠡ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011100001120989215