蒙古文网站Logo
ᠰᠢᠨᠬᠤᠸᠠ ᠮᠤᠩᠭ᠋ᠤᠯ ᠨᠧᠲ

ᠤᠰᠤ ᠨᠦᠬᠦᠪᠦᠷᠢᠯᠡᠬᠦ ᠢᠳᠡᠭᠡᠨ ᠤᠮᠳᠠᠭᠠᠨ

2017-06-19 16:15

    ᠵᠤᠨ ᠤ ᠠᠭᠠᠬᠢᠮ᠎ᠠ ᠬᠠᠯᠠᠭᠤᠨ ᠡᠳᠦᠷ ᠬᠦᠯᠦᠰᠦ ᠶᠡᠬᠡ ᠭᠠᠷᠳᠠᠭ ᠡᠴᠡ ᠤᠰᠤ ᠨᠦᠬᠦᠪᠦᠷᠢᠯᠡᠬᠦ ᠨᠢ ᠬᠦᠮᠦᠰ ᠤᠨ ᠠᠨᠭᠬᠠᠷᠬᠤ ᠴᠢᠬᠤᠯᠠᠳᠠᠢ ᠠᠰᠠᠭᠤᠳᠠᠯ ᠤᠨ ᠨᠢᠭᠡ ᠪᠤᠯᠪᠠ᠃ ᠬᠦᠯᠦᠰᠦ ᠪᠡᠷ ᠶᠡᠭᠡ ᠬᠡᠮᠵᠢᠶᠡᠨ ᠤ ᠤᠰᠤ ᠭᠠᠳᠠᠭᠰᠢᠯᠠᠳᠠᠭ ᠪᠦᠬᠡᠤᠨ ᠵᠤᠬᠢᠬᠤ ᠬᠡᠮᠵᠢᠶᠡᠨ ᠤ ᠨᠠᠲ᠋ᠷᠢ᠂ ᠺᠠᠯᠢ᠂ ᠺᠠᠯᠼ ᠵᠡᠷᠭᠡ ᠡᠷᠦᠳᠡᠰᠦ ᠪᠤᠳᠠᠰ ᠪᠠ ᠪᠢᠴᠢᠯ ᠬᠡᠮᠵᠢᠶᠡᠨ ᠤ ᠸᠢᠲ᠋ᠠᠮᠢᠨ᠂ ᠦᠭᠡᠬᠦᠨ ᠬᠦᠴᠢᠯ ᠵᠡᠷᠭᠡ ᠬᠦᠮᠦᠨ ᠤ ᠪᠡᠶ᠎᠎ᠠ ᠳᠤ ᠴᠢᠬᠤᠯᠠ ᠱᠠᠭᠠᠷᠳᠠᠭᠳᠠᠬᠤ ᠡᠯᠧᠮᠧᠨ᠋ᠲ ᠤᠳ ᠴᠦ ᠭᠠᠳᠠᠭᠰᠢᠯᠠᠨ᠎ᠠ᠃ ᠡᠢᠢᠮᠦ ᠡᠴᠡ ᠵᠤᠨ ᠤ ᠤᠯᠠᠷᠢᠯ ᠳᠤ ᠤᠰᠤ ᠨᠦᠬᠦᠪᠦᠷᠢᠯᠡᠬᠦ ᠵᠢᠨ ᠬᠠᠮᠲᠦ ᠰᠢᠮ᠎ᠡ ᠲᠡᠵᠢᠭᠡᠯ ᠨᠦᠬᠦᠪᠦᠷᠢᠯᠡᠬᠦ ᠵᠢ ᠠᠨᠭᠬᠠᠷᠪᠠᠯ ᠵᠤᠬᠢᠨ᠎ᠠ᠃ ᠲᠤᠤᠷ᠎ᠠ ᠬᠡᠲᠦᠨ ᠵᠦᠢᠯ ᠤᠨ ᠤᠰᠤ ᠨᠦᠬᠦᠪᠦᠷᠢᠯᠡᠬᠦ ᠢᠳᠡᠭᠡᠨ ᠤᠮᠳᠠᠭᠠᠨ ᠢ ᠲᠠᠨᠢᠯᠴᠠᠭᠤᠯᠤᠶ᠎ᠠ᠃

ᠨᠢᠬᠡ᠄ ᠨᠤᠭᠤᠭᠠᠨ ᠤ ᠱᠦᠯᠦ᠃ ᠨᠤᠭᠤᠭᠠᠨ ᠤ ᠱᠦᠯᠦ ᠨᠢᠭᠡ ᠲᠠᠯ᠎ᠠ ᠪᠡᠷ ᠤᠰᠤ ᠨᠦᠬᠦᠪᠦᠷᠢᠯᠡᠵᠦ᠂ ᠨᠦᠭᠦᠭᠡ ᠲᠠᠯ᠎ᠠ ᠪᠡᠷ ᠵᠤᠬᠢᠬᠤ ᠬᠡᠮᠵᠢᠶᠡᠨ ᠤ ᠡᠷᠦᠳᠡᠰᠦ ᠪᠤᠳᠠᠰ ᠪᠠ ᠸᠢᠲ᠋ᠠᠮᠢᠨ ᠨᠦᠬᠦᠪᠦᠷᠢᠯᠡᠳᠡᠭ᠃

ᠬᠤᠶᠠᠷ᠄ ᠡᠯ᠎ᠡ ᠵᠦᠢᠯ ᠤᠨ ᠴᠠᠢ᠃ ᠤᠯᠠᠭᠠᠨ ᠴᠠᠢ᠂ ᠨᠤᠭᠤᠭᠠᠨ ᠴᠠᠢ᠂ ᠡᠤ ᠯᠦᠩ ᠴᠠᠢ᠂ ᠫᠣᠷ ᠴᠠᠢ᠂ ᠠᠷᠪᠠᠢ ᠵᠢᠨ ᠴᠠᠢ᠂ ᠰᠠᠭᠠᠭ ᠤᠨ ᠴᠠᠢ ᠪᠠ ᠰᠠᠷᠭᠠᠢ᠂ ᠤᠳᠪᠠᠯᠠ᠂ ᠭᠠᠪᠢᠷ᠎ᠠ ᠵᠡᠷᠭᠡ ᠬᠠᠳᠠᠭᠠᠮᠠᠯ ᠴᠡᠴᠡᠭ ᠵᠢᠴᠢ ᠨᠢᠮᠪᠡᠭᠡ ᠵᠢᠨ ᠬᠠᠳᠠᠭᠠᠮᠠᠯ ᠢ ᠳᠡᠪᠲᠡᠭᠡᠵᠤ ᠤᠤᠭᠤᠪᠠᠯ ᠤᠰᠤ ᠨᠦᠬᠦᠪᠦᠷᠢᠯᠡᠬᠦ ᠦᠢᠯᠡᠳᠦᠯ ᠵᠢᠡᠷ ᠮᠠᠰᠢ ᠰᠠᠢᠢᠨ ᠪᠠᠢᠢᠳᠠᠭ᠃ ᠭᠡᠪᠡᠴᠤ ᠡᠳᠡᠭᠡᠷ ᠤᠮᠳᠠᠭᠠᠨ ᠨᠢ ᠰᠢᠩᠬᠡᠨ ᠤᠷᠢᠳᠠᠯ ᠲᠤᠤᠷ᠎ᠠ ᠰᠠᠶ᠊ᠢ ᠪᠦᠷᠢᠨ ᠴᠢᠳᠠᠮᠵᠢ ᠪᠠᠨ ᠪᠠᠳᠠᠷᠠᠭᠤᠯᠤᠨ᠎ᠠ᠃

ᠭᠤᠷᠪᠠ᠄ ᠠᠮᠦ ᠪᠤᠳᠠᠭᠠᠨ ᠤ ᠵᠤᠳᠠᠩ᠃ ᠨᠠᠷᠢᠮᠦ᠂ ᠨᠤᠬᠠᠢ ᠵᠢᠨ ᠬᠤᠰᠢᠭᠤ᠂ ᠰᠢᠰᠢ ᠵᠢᠨ ᠴᠠᠭᠠᠨ᠂ ᠨᠤᠭᠤᠭᠠᠨ ᠪᠤᠷᠴᠠᠭ ᠵᠡᠷᠭᠡ ᠠᠮᠦ ᠪᠡᠷ ᠴᠢᠨᠠᠵᠦ ᠪᠤᠴᠠᠯᠭᠠᠭᠰᠠᠨ ᠵᠤᠳᠠᠩ ᠳᠤ ᠸᠢᠲ᠋ᠠᠮᠢᠨB1 ᠂ ᠺᠠᠯᠢ ᠵᠡᠷᠭᠡ ᠠᠭᠤᠰᠤᠮᠠᠬᠠᠢ ᠴᠢᠨᠠᠷᠲᠠᠢ ᠰᠢᠮ᠎ᠡ ᠲᠡᠵᠢᠬᠡᠯ ᠤᠨ ᠡᠯᠧᠮᠧᠨ᠋ᠲ ᠠᠭᠤᠯᠤᠭᠳᠠᠬᠤ ᠪᠦᠭᠡᠳ ᠪᠢᠴᠢᠯ ᠬᠡᠮᠵᠢᠶᠡᠨ ᠤ ᠴᠠᠷᠳᠠᠭᠤᠯ ᠪᠠ ᠵᠤᠳᠠᠩ ᠤᠨ ᠬᠠᠨᠳᠠ ᠠᠭᠤᠯᠤᠭᠳᠠᠳᠠᠭ᠃

ᠳᠦᠷᠪᠡ᠄ ᠤᠰᠤᠨ ᠤ ᠠᠭᠤᠯᠤᠭᠳᠠᠴᠠ ᠪᠡᠷ ᠦᠨᠳᠦᠷ ᠨᠤᠭᠤᠭ᠎ᠠ ᠪᠠ ᠵᠢᠮᠢᠰ᠃ 《ᠤᠰᠤ ᠤᠤᠭᠤᠬᠤ 》ᠡᠴᠡ ᠭᠠᠳᠠᠨ᠎ᠠ 《ᠤᠰᠤ ᠢᠳᠡᠬᠦ》 ᠨᠢ ᠴᠤ ᠮᠠᠰᠢ ᠴᠢᠬᠤᠯᠠ ᠪᠠᠢᠢᠳᠠᠭ᠂ ᠵᠠᠷᠢᠮ ᠨᠤᠭᠤᠭ᠎ᠠ ᠪᠠ ᠵᠢᠮᠢᠰ ᠨᠢ ᠢᠳᠡᠭᠡᠨ ᠤ ᠲᠦᠷᠦᠯ ᠤᠨ 《ᠪᠠᠢᠢᠭᠠᠯᠢᠯᠢᠬ ᠤᠮᠳᠠᠭᠠᠨ》ᠬᠡᠮᠡᠭᠳᠡᠳᠡᠭ᠃ ᠵᠢᠱᠢᠶᠡᠯᠡᠪᠡᠯ᠂ ᠦᠷᠭᠡᠰᠦᠲᠦ ᠬᠡᠮᠭᠡ ᠵᠢᠨ ᠤᠰᠤᠨ ᠤ ᠠᠭᠤᠯᠤᠭᠳᠠᠴᠠ 95.8%  ᠬᠦᠷᠳᠡᠭ ᠮᠦᠷᠳᠡᠭᠡᠨ ᠸᠢᠲ᠋ᠠᠮᠢᠨ C ᠪᠠ ᠸᠢᠲ᠋ᠠᠮᠢᠨ E ᠠᠭᠤᠯᠤᠭᠳᠠᠵᠦ ᠪᠠᠢᠢᠳᠠᠭ᠃ ᠡᠭᠦᠨ ᠡᠴᠡ ᠭᠠᠳᠠᠨ᠎ᠠ᠂ ᠲᠠᠷᠪᠤᠰ᠂ ᠲᠦᠪᠡᠳ ᠬᠠᠰᠢ᠂ ᠠᠮᠳᠠᠳᠦ ᠬᠡᠮᠬᠡ ᠵᠡᠷᠭᠡ ᠵᠢᠮᠢᠰ ᠤᠨ ᠤᠰᠤᠨ ᠤ ᠠᠭᠤᠯᠤᠭᠳᠠᠴᠠ ᠪᠡᠰᠡ ᠨᠡᠯᠢᠶᠡᠳ ᠦᠨᠳᠦᠷ ᠪᠠᠢᠢᠵᠦ᠂ ᠵᠤᠨ ᠤ ᠤᠯᠠᠷᠢᠯ ᠳᠤ ᠢᠳᠡᠬᠦ ᠳᠤ ᠮᠠᠰᠢ ᠲᠤᠬᠢᠷᠠᠮᠵᠢᠲᠠᠢ ᠪᠠᠢᠢᠳᠠᠭ᠃

ᠢᠷᠡᠯᠳᠡ᠄ ᠥᠪᠦᠷ ᠮᠣᠩ᠋ᠭᠤᠯ ᠤᠨ ᠡᠳᠦᠷ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121170978