蒙古文网站Logo
ᠰᠢᠨᠬᠤᠸᠠ ᠮᠤᠩᠭ᠋ᠤᠯ ᠨᠧᠲ

ᠠᠭᠠᠬᠢᠮ᠎ᠠ ᠵᠤᠨ ᠪᠦᠯᠢᠶᠡᠨ ᠤᠰᠤ ᠤᠤᠭᠤᠪᠠᠯ ᠰᠠᠶᠢᠨ

2017-07-20 10:17

    ᠰᠢᠨᠵᠢᠯᠡᠬᠦ ᠤᠬᠠᠭᠠᠨᠲᠠᠨ ᠤ ᠰᠤᠳᠤᠯᠭᠠᠨ ᠤ ᠳ᠋ᠦᠩ ᠢ ᠦᠨᠳᠦᠰᠦᠯᠡᠪᠡᠯ᠂ ᠤᠯᠠᠭᠠᠨ ᠤ ᠭᠠᠳᠠᠨᠠᠬᠢ ᠲᠤᠶᠠᠭᠠᠨ ᠤ ᠲᠤᠯᠠᠭᠠᠨ ᠤ ᠬᠡᠮᠵᠢᠬᠦᠷ ᠢᠶᠡᠷ ᠠᠭᠠᠬᠢᠮ᠎ᠠ ᠬᠠᠯᠠᠭᠤᠨ ᠴᠠᠭ ᠠᠭᠠᠷ ᠤᠨ ᠪᠠᠶᠢᠳᠠᠯ ᠳᠤᠤᠷ᠎ᠠ ᠪᠦᠯᠢᠶᠠᠨ ᠤᠮᠳᠠᠭᠠᠨ ᠤᠤᠭᠤᠭᠰᠠᠨ ᠪᠠ ᠬᠦᠢᠲᠠᠨ ᠤᠮᠳᠠᠭᠠᠨ ᠤᠤᠭᠤᠭᠰᠠᠨ ᠰᠠᠶᠢᠨ ᠳᠤᠷᠠᠲᠠᠳ ᠤᠨ ᠠᠷᠠᠰᠤᠨ ᠳᠤ ᠬᠢᠭ᠍ᠰᠡᠨ ᠪᠠᠶᠢᠴᠠᠭᠠᠯᠲᠠ ᠶᠢᠨ ᠳ᠋ᠦᠩ ᠳᠤ᠂ ᠪᠦᠯᠢᠶᠠᠨ ᠤᠮᠳᠠᠭᠠᠨ ᠤᠤᠭᠤᠬᠰᠠᠨ ᠤ ᠳᠠᠷᠠᠭ᠎ᠠ ᠠᠷᠠᠰᠤᠨ ᠤ ᠳᠤᠯᠠᠭᠠᠨ  1℃~2℃ᠪᠠᠭᠤᠷᠠᠨ᠎ᠠ᠂ ᠬᠠᠷᠢᠨ ᠬᠦᠢᠲᠠᠨ ᠤᠮᠳᠠᠭᠠᠨ ᠤᠤᠭᠤᠬᠰᠠᠨ ᠨᠢ ᠵᠦᠪᠬᠡᠨ ᠠᠮᠠᠨ ᠤ ᠬᠦᠨᠳᠡᠢ ᠶᠢᠨ ᠲᠤᠭᠤᠷᠢᠨ ᠢ ᠯᠠ ᠰᠡᠷᠢᠬᠦᠬᠡᠨ ᠪᠤᠯᠭᠠᠨ᠎ᠠ᠃ ᠡᠬᠦᠨ ᠤ ᠵᠡᠷᠭᠡᠴᠡᠭᠡ᠂ ᠪᠦᠯᠢᠶᠠᠨ ᠤᠮᠳᠠᠭᠠᠨ ᠤᠤᠭᠤᠬᠰᠠᠨ ᠰᠠᠶᠢᠨ ᠳᠤᠷᠠᠳᠠᠳ ᠰᠡᠷᠢᠬᠦᠨ ᠲᠠᠭᠠᠲᠠᠢ ᠰᠠᠨᠠᠭᠳᠠᠬᠰᠠᠨ ᠪᠦᠭᠡᠳ ᠤᠮᠳᠠᠭᠠᠰᠬᠤ ᠪᠡᠨ ᠪᠣᠯᠢᠪᠠ᠂ ᠬᠦᠢᠲᠠᠨ ᠤᠮᠳᠠᠭᠠᠨ ᠤᠤᠭᠤᠬᠰᠠᠨ ᠰᠠᠶᠢᠨ ᠳᠤᠷᠠᠳᠠᠳ ᠲᠦᠷ ᠴᠠᠭ ᠯᠠ ᠰᠡᠷᠢᠭᠦᠴᠡᠵᠤ᠂ ᠤᠳᠠᠬᠤ ᠦᠬᠡᠢ ᠲᠠᠬᠢᠨ ᠠᠩ᠋ᠭᠠᠬᠰᠠᠨ ᠪᠠᠶᠢᠯ᠎ᠠ᠃

    ᠡᠬᠦᠨ ᠡᠴᠡ ᠭᠠᠳᠠᠨ᠎ᠠ᠂ ᠪᠦᠯᠢᠶᠠᠨ ᠤᠮᠳᠠᠭᠠᠨ ᠤᠤᠭᠤᠵᠤ ᠪᠠᠭ᠎ᠠ ᠬᠡᠮᠵᠢᠶᠠᠨ ᠤ ᠬᠦᠯᠦᠰᠦ ᠭᠠᠷᠪᠠᠯ ᠪᠡᠶ᠎ᠠ ᠶᠢᠨ ᠨᠢᠬᠡ ᠬᠡᠰᠡᠭ ᠬᠠᠯᠠᠭᠤᠨ ᠢᠯᠴᠢ ᠶᠢ ᠭᠠᠳᠠᠬᠰᠢᠯᠠᠭᠤᠯᠬᠤ ᠪᠤᠯᠬᠤᠷ ᠡᠷᠡᠬᠦᠯ ᠮᠡᠨᠳᠤ ᠳᠤ ᠬᠤᠤᠷ ᠦᠬᠡᠢ᠃ ᠡᠰᠡᠷᠬᠦ ᠪᠡᠷ᠂ ᠬᠦᠢᠲᠠᠨ ᠤᠮᠳᠠᠭᠠᠨ ᠤᠤᠭᠤᠪᠠᠯ ᠬᠦᠢᠳᠡᠨ ᠤᠮᠳᠠᠭᠠᠨ ᠨᠢ ᠠᠮᠠᠨ ᠤ ᠬᠦᠨᠳᠡᠢ ᠪᠠ ᠬᠤᠳᠤᠭᠤᠳᠤ ᠬᠡᠳᠠᠰᠤᠨ ᠡᠴᠡ ᠮᠠᠰᠢ ᠶᠡᠬᠡ ᠢᠯᠴᠢ ᠰᠢᠩᠭᠡᠭᠡᠭᠡᠳ ᠲᠤᠳᠤᠷ᠎ᠠ ᠡᠷᠭᠡᠲᠠᠨ ᠢ ᠴᠤᠴᠢᠮᠠᠬ ᠬᠥᠷᠦᠭᠡᠳᠡᠭ ᠡᠴᠡ ᠬᠦᠩᠬᠡᠨ ᠳᠤ ᠪᠡᠨ ᠬᠤᠭᠤᠯᠠ ᠪᠤᠯᠪᠠᠰᠤᠷᠠᠭᠤᠯᠬᠤ ᠴᠢᠳᠠᠮᠵᠢ ᠶᠢ ᠨᠦᠯᠦᠭᠡᠯᠡᠵᠤ᠂ ᠬᠦᠨᠳᠤ ᠳᠤ ᠪᠡᠨ ᠪᠤᠯ ᠰᠠᠭᠤᠯᠭᠠᠬᠤ ᠪᠤᠶᠤ ᠬᠤᠳᠤᠭᠤᠳᠤ ᠲᠠᠳᠠᠪᠠᠯᠵᠠᠬᠤ ᠵᠡᠷᠭᠡ ᠶᠢ ᠡᠭᠦᠰᠭᠡᠨ᠎ᠠ᠃ ᠡᠶᠢᠮᠦ ᠡᠴᠡ᠂ ᠠᠭᠠᠬᠢᠮ᠎ᠠ ᠵᠤᠨ ᠪᠦᠯᠢᠶᠡᠨ ᠤᠰᠤ ᠤᠤᠭᠤᠪᠠᠯ ᠡᠷᠡᠬᠦᠯ ᠮᠡᠨᠳᠤ ᠳᠤ ᠢᠯᠡᠭᠦᠦ ᠠᠰᠢᠬᠲᠠᠢ᠃

ᠢᠷᠡᠯᠳᠡ᠄ ᠡᠷᠡᠭᠦᠯ ᠮᠡᠨᠳᠤ ᠶᠢᠨ ᠴᠠᠭ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121350504