蒙古文网站Logo
ᠰᠢᠨᠬᠤᠸᠠ ᠮᠤᠩᠭ᠋ᠤᠯ ᠨᠧᠲ

《ᠶᠠᠳᠠᠷᠠᠬᠤ》ᠡᠴᠡ《 ᠶᠠᠳᠠᠷᠡᠭᠠᠳ ᠡᠪᠡᠳᠴᠢᠯᠡᠬᠦ》ᠬᠦᠷᠳᠡᠯ᠎ᠠ ᠲᠠᠪᠤᠬᠠᠨ ᠠᠯᠬᠤᠮ ᠤᠨ ᠵᠠᠢᠢᠲᠠᠢ

2017-08-15 15:59

    《40 ᠨᠠᠰᠤᠨ ᠡᠴᠡ ᠡᠮᠦᠨ᠎ᠠ ᠠᠮᠢ ᠪᠡᠷ ᠵᠢᠠᠨ ᠵᠤᠭᠤᠰ ᠮᠦᠩᠭᠦ ᠰᠤᠯᠢᠵᠤ᠂ 40 ᠨᠠᠰᠤᠨ ᠡᠴᠡ ᠰᠡᠭᠦᠯᠡᠷ ᠵᠤᠭᠤᠰ ᠵᠢᠡᠷ ᠠᠮᠢ ᠨᠠᠰᠤ ᠪᠡᠨ ᠬᠠᠮᠠᠭᠠᠯᠠᠬᠤ 》ᠪᠤᠯᠤᠭᠰᠠᠨ ᠨᠢ ᠤᠳᠤ ᠵᠢᠨ ᠴᠠᠭᠠᠨ ᠵᠠᠭᠠᠮᠠᠲᠠᠨ ᠤ ᠪᠤᠳᠠᠳᠦ ᠪᠠᠢᠢᠳᠠᠯ ᠤᠨ ᠵᠢᠷᠤᠭᠯᠠᠯ ᠪᠤᠯᠵᠠᠢ᠃ 《2016 ᠤᠨ ᠤ ᠲᠤᠮᠳᠠᠳᠦ ᠤᠯᠤᠰ ᠤᠨ ᠢᠨᠲ᠋ᠧᠷᠨᠧᠲ ᠤᠨ ᠠᠵᠤ ᠠᠬᠤᠢᠢᠯᠠᠯ ᠤᠨ ᠠᠵᠢᠯᠲᠠᠨ ᠤ ᠨᠤᠢᠢᠷ ᠤᠨ ᠮᠡᠳᠡᠭᠦᠯᠦᠯᠳᠡ》ᠵᠢ ᠦᠨᠳᠦᠰᠦᠯᠡᠪᠡᠯ᠂ 80% ᠡᠴᠡ ᠳᠡᠭᠡᠭ᠍ᠰᠢᠬᠢ ᠢᠨᠲ᠋ᠧᠷᠨᠧᠲ ᠤᠨ ᠠᠵᠢᠯᠲᠠᠨ ᠤ ᠨᠤᠢᠢᠷ ᠤᠨ ᠴᠢᠨᠠᠷ ᠨᠢ 80 ᠬᠤᠪᠢ ᠡᠴᠡ ᠲᠤᠷᠤᠭᠰᠢ ᠪᠦᠬᠡᠳ 3 ᠬᠤᠪᠢ ᠵᠢᠨ ᠠᠵᠢᠯᠲᠠᠨ ᠤ ᠨᠤᠢᠢᠷ ᠤᠨ ᠴᠢᠨᠠᠷ ᠤᠨ ᠤᠯᠤᠭᠰᠠᠨ ᠬᠤᠪᠢ ᠨᠢ ᠤᠨᠴᠠ ᠲᠤᠤᠷ᠎ᠠ᠂ 7 ᠬᠤᠪᠢ ᠵᠢᠨ ᠠᠵᠢᠯᠲᠠᠨ ᠴᠠᠭ ᠨᠡᠮᠡᠵᠤ ᠠᠵᠢᠯᠯᠠᠭᠰᠠᠨ ᠦᠩᠭᠡᠷᠡᠯᠳᠡ ᠲᠠᠢ᠂ 4 ᠬᠤᠪᠢ ᠵᠢᠨ ᠠᠵᠢᠯᠲᠠᠨ ᠤ ᠠᠵᠢᠯ ᠤᠨ ᠲᠠᠷᠤᠭᠠᠰᠤ ᠨᠤᠢᠢᠷ ᠤᠨ ᠬᠢᠨ ᠴᠢᠨᠠᠷ ᠢ ᠨᠦᠯᠦᠭᠡᠯᠡᠳᠡᠭ ᠬᠡᠪᠡ᠃ 《ᠠᠵᠢᠯ ᠲᠠᠢ ᠪᠤᠯᠪᠠᠴᠤ ᠠᠮᠢᠳᠤᠷᠠᠯ ᠦᠭᠡᠢ》ᠨᠢ ᠤᠳᠤᠬᠢ ᠨᠡᠢᠢᠭᠡᠮ ᠤᠨ ᠨᠡᠢᠢᠳᠡᠮ ᠦᠵᠡᠭᠳᠡᠯ ᠪᠤᠯᠤᠭᠰᠠᠨ ᠪᠠᠶᠢᠨ᠎ᠠ᠃

    ᠲᠤᠮᠳᠠᠳᠦ ᠤᠯᠤᠰ ᠤᠨ ᠡᠮᠴᠢ ᠵᠢᠨ ᠨᠡᠢᠢᠭᠡᠮᠯᠢᠭ᠌ ᠵᠡᠷᠭᠡ ᠪᠠᠢᠢᠭᠤᠯᠤᠮᠵᠢ ᠵᠢᠨ ᠬᠤᠯᠪᠤᠭᠠᠯᠠᠵᠤ ᠨᠡᠢᠢᠳᠡᠯᠡᠭᠰᠡᠨ 2010 ᠤᠨ ᠤ 《ᠲᠤᠮᠳᠠᠳᠦ ᠤᠯᠤᠰ ᠤᠨ ᠬᠤᠳᠠ ᠵᠢᠨ ᠴᠠᠭᠠᠨ ᠵᠠᠭᠠᠮᠠᠳᠠᠨ ᠤ ᠡᠷᠡᠭᠦᠯ ᠡᠩᠭᠡ ᠵᠢᠨ ᠴᠠᠭᠠᠨ ᠭᠠᠳᠠᠷᠲᠤ ᠪᠢᠴᠢᠭ᠌ 》ᠲᠤ ᠢᠯᠡᠷᠡᠭᠦᠯᠦᠭᠰᠡᠨ ᠵᠢᠡᠷ᠂ 76% ᠢᠢᠨ ᠴᠠᠭᠠᠨ ᠵᠠᠭᠠᠮᠠᠲᠠᠨ ᠪᠡᠶ᠎ᠠ ᠪᠠᠷᠤᠭᠳᠠᠢᠢᠬᠠᠨ ᠪᠠᠢᠢᠳᠠᠯ ᠳ᠋ᠦ ᠤᠷᠤᠰᠢᠵᠤ᠂ ᠪᠡᠭᠡᠵᠢᠡᠭ᠂ ᠱᠠᠡᠭᠬᠠᠢ ᠵᠡᠷᠭᠡ ᠬᠤᠳᠠ ᠵᠢᠨ 6 ᠬᠤᠪᠢ ᠵᠢᠨ ᠴᠠᠭᠠᠨ ᠵᠠᠭᠠᠮᠠᠲᠠᠨ 《ᠵᠦᠳᠡᠷᠡᠵᠦ》ᠪᠠᠢᠢᠬᠤ ᠢᠯᠡᠷᠡᠯ ᠲᠠᠢ᠄ ᠪᠡᠶ᠎ᠠ ᠮᠠᠬᠠᠪᠤᠳ ᠨᠢ ᠠᠨᠠᠢ᠂ 24 ᠴᠠᠭ ᠵᠢᠡᠷ ᠵᠠᠷᠯᠢᠭ ᠬᠦᠯᠢᠶᠡᠬᠦ᠂ ᠭᠠᠷᠠᠭ ᠤᠨ ᠡᠳᠦᠷ ᠲᠡᠭᠡᠨ ᠠᠮᠠᠷᠠᠯᠳᠠ ᠦᠭᠡᠢ᠂ ᠠᠯᠪᠠᠨ ᠭᠡᠷ ᠲᠦ ᠬᠤᠨᠤᠬᠤ ᠵᠡᠷᠭᠡ ᠪᠠᠢᠢᠳᠠᠯ ᠬᠦᠨᠳᠦ ᠨᠤᠴᠢᠲᠠᠢ ᠤᠷᠤᠰᠢᠵᠤ ᠪᠤᠢ᠃ ᠨᠧᠲ ᠢᠶᠡᠷ 《ᠦᠨᠳᠦᠷ ᠴᠠᠯᠢᠡᠭ ᠲᠠᠢ ᠠᠵᠢᠯ ᠪᠠ ᠪᠡᠶ᠎ᠠ ᠮᠠᠬᠠᠪᠤᠳ ᠤᠨ ᠡᠷᠡᠭᠦᠯ ᠮᠡᠨᠳᠦ ᠵᠦᠷᠢᠴᠡᠯ ᠭᠠᠷᠬᠤ ᠦᠶᠡᠰ᠂ ᠲᠠ ᠠᠯᠢ ᠵᠢ ᠨᠢ ᠰᠤᠡᠭᠭᠤᠬᠤ ᠪᠤᠢ ? 》ᠬᠡᠰᠡᠨ ᠪᠠᠢᠢᠴᠠᠭᠠᠯᠳᠠ ᠳᠠᠮᠵᠢᠭᠳᠠᠵᠤ ᠪᠠᠢᠢᠯ᠎ᠠ᠃ ᠪᠠᠢᠢᠴᠠᠭᠠᠯᠳᠠ ᠵᠢᠨ ᠳ᠋ᠦᠡᠭ ᠳ᠋ᠦ 71%  ᠢᠢᠨ ᠬᠦᠮᠦᠰ ᠡᠷᠡᠭᠦᠯ ᠮᠡᠨᠳᠦ ᠪᠡᠨ ᠤᠮᠳᠤᠭᠠᠢᠢᠯᠠᠵᠦ᠂ ᠦᠨᠳᠦᠷ ᠴᠠᠯᠢᠡᠭ ᠲᠠᠢ ᠠᠵᠢᠯ ᠢ ᠰᠤᠡᠭᠭᠤᠨ᠎ᠠ ᠬᠡᠵᠤ ᠢᠯᠡᠷᠬᠡᠢᠢᠯᠡᠪᠡ᠂ ᠲᠡᠷᠡᠴᠢᠯᠡᠨ 52% ᠤᠨ ᠬᠦᠮᠦᠰ ᠠᠷᠪᠠᠨ ᠵᠢᠯ ᠤᠨ ᠠᠮᠢ ᠨᠠᠰᠤ ᠪᠡᠷ ᠵᠢᠠᠨ 500 ᠲᠦᠮᠡᠨ ᠲᠦᠭᠦᠷᠢᠭ᠌ ᠰᠤᠯᠢᠬᠤ ᠲᠤᠷᠠᠲᠠᠢ ᠬᠡᠵᠤ ᠢᠯᠡᠳᠬᠡᠵᠡᠢ᠃

    ᠦᠨᠡᠨᠳ᠋ᠡᠭᠡᠨ 《ᠶᠠᠳᠠᠷᠠᠬᠤ》ᠡᠴᠡ《ᠶᠠᠳᠠᠷᠡᠭᠠᠳ ᠡᠪᠡᠳᠴᠢᠯᠡᠬᠦ》ᠬᠦᠷᠳᠡᠯ᠎ᠠ ᠲᠠᠪᠤᠨ ᠠᠯᠬᠤᠮ ᠯᠡ ᠵᠠᠢᠢᠲᠠᠢ᠄ ᠨᠢᠭᠡᠳᠦᠭᠡᠷ ᠠᠯᠬᠤᠮ᠂ ᠰᠦᠷ ᠰᠦᠯᠳᠡ ᠦᠭᠡᠢ ᠪᠤᠯᠬᠤ᠃ ᠬᠤᠶᠠᠳᠤᠭᠠᠷ ᠠᠯᠬᠤᠮ᠂ ᠲᠤᠯᠤᠭᠠᠢ ᠲᠦᠷᠦᠭᠦᠦ ᠲᠤᠢᠢᠷᠡᠬᠦ᠃ ᠭᠤᠷᠪᠠᠳᠤᠭᠠᠷ ᠠᠯᠬᠤᠮ᠂ ᠪᠦᠬᠦ ᠪᠡᠶ᠎ᠠ ᠱᠠᠷᠬᠢᠷᠠᠵᠤ ᠡᠪᠡᠳᠬᠦ᠃ ᠲᠦᠷᠪᠡᠳᠦᠭᠡᠷ ᠠᠯᠬᠤᠮ᠂ ᠡᠪᠡᠳᠴᠢᠨ ᠳᠤ ᠡᠬᠢᠯᠡᠨ ᠨᠡᠷᠪᠡᠭ᠍ᠳᠡᠬᠦ᠃ ᠲᠠᠪᠤᠳᠤᠭᠠᠷ ᠠᠯᠬᠤᠮ᠂ ᠦᠮᠠᠨ ᠤ ᠲᠠᠯᠳᠠ ᠬᠡᠮ ᠨᠢᠭᠤᠭᠳᠠᠬᠤ᠃

    《ᠶᠠᠳᠠᠷᠡᠭᠠᠳ ᠡᠪᠡᠳᠴᠢᠯᠡᠬᠦ》ᠵᠢᠨ ᠭᠤᠤᠯ ᠰᠢᠯᠳᠠᠭᠠᠨ ᠨᠢ᠄ ᠵᠢᠷᠦᠬᠡᠨ ᠤ ᠲᠢᠳᠢᠮ ᠰᠤᠳᠠᠯ ᠤᠨ ᠡᠪᠡᠳᠴᠢᠨ᠂ ᠭᠤᠤᠯ ᠰᠤᠳᠠᠯ ᠤᠨ ᠬᠠᠪᠤᠳᠠᠷ᠂ ᠵᠢᠷᠦᠬᠡᠨ ᠬᠠᠪᠬᠠᠯᠠᠭ᠎ᠠ ᠵᠢᠨ ᠡᠪᠡᠳᠴᠢᠨ᠂ ᠵᠢᠷᠦᠬᠡᠨ ᠪᠤᠯᠴᠢᠩ ᠤᠨ ᠡᠪᠡᠳᠴᠢᠨ ᠳᠤ ᠨᠡᠷᠪᠡᠭ᠍ᠳᠡᠬᠦ ᠪᠤᠶᠤ ᠲᠡᠷᠢᠬᠢᠨ ᠳ᠋ᠦ ᠴᠢᠰᠤ ᠬᠠᠷᠪᠤᠬᠰᠠᠨ ᠡᠴᠡ ᠪᠤᠯᠵᠡᠢ᠃ ᠠᠨᠠᠭᠠᠬᠤ ᠤᠬᠠᠭᠠᠨ ᠤ ᠰᠤᠳᠤᠯᠤᠯ ᠢ ᠦᠨᠳᠦᠰᠦᠯᠡᠪᠡᠯ᠂ ᠡᠳᠡᠭᠡᠷ ᠡᠪᠡᠳᠴᠢᠨ ᠨᠢ ᠪᠦᠷ ᠰᠡᠳᠬᠢᠯ ᠤᠨ ᠲᠠᠷᠤᠭᠠᠰᠤ ᠲᠠᠢ ᠬᠤᠯᠪᠤᠭᠳᠠᠯ ᠲᠠᠢ᠃ ᠠᠮᠢ ᠲᠡᠮᠡᠴᠡᠨ ᠠᠵᠢᠯᠯᠠᠪᠠᠯ ᠵᠤᠭᠤᠰ ᠮᠦᠩᠭᠦ᠂ ᠪᠠᠢᠢᠷᠢ ᠰᠠᠭᠤᠷᠢ ᠪᠠ ᠠᠮᠵᠢᠯᠳᠠ ᠵᠢᠨ ᠮᠡᠳᠡᠷᠡᠮᠵᠢ ᠤᠯᠬᠤ ᠪᠤᠯᠪᠠᠴᠤ ᠪᠡᠶ᠎ᠠ ᠮᠠᠬᠠᠪᠤᠳ ᠤᠨ ᠡᠷᠡᠭᠦᠯ ᠮᠡᠨᠳᠦ ᠪᠤᠯᠤᠨ ᠠᠮᠢᠳᠤᠷᠠᠯ  ᠢᠶᠡᠨ ᠦᠷᠡᠭᠳᠡᠭᠦᠯᠵᠦ ᠪᠠᠢᠢᠳᠠᠭ᠂ ᠵᠤᠭᠤᠰ ᠮᠦᠩᠭᠦ ᠤᠯᠬᠤ ᠶᠠᠪᠤᠴᠠ ᠳ᠋ᠦ ᠲᠡᠳᠡᠭᠡᠷ ᠦᠯᠦ ᠮᠡᠳᠡᠭᠳᠡᠮ᠎ᠡ ᠵᠢᠨ ᠳᠤᠮᠳᠠᠭᠤᠷ ᠠᠯᠳᠠᠵᠤ ᠶᠠᠪᠤᠭᠤᠯᠤᠭᠰᠠᠨ ᠵᠦᠢᠯ ᠢ ᠬᠡᠵᠢᠶ᠎ᠡ ᠴᠤ ᠲᠠᠬᠢᠨ ᠡᠷᠬᠢᠭᠦᠯᠵᠤ ᠠᠪᠴᠢᠷᠠᠵᠤ ᠲᠡᠢᠢᠯᠬᠦ ᠦᠭᠡᠢ ᠪᠤᠯᠬᠤᠷ ᠪᠢᠳᠡ ᠰᠡᠷᠭᠡᠢ ᠮᠡᠳᠡᠷᠡᠵᠦ᠂ ᠡᠷᠡᠭᠦᠯ ᠮᠡᠨᠳᠦ ᠪᠠᠨ ᠲᠦᠷᠦᠭᠦᠨ ᠳ᠋ᠦ ᠲᠠᠯᠪᠢᠶ᠎ᠠ᠃

ᠢᠷᠡᠯᠳᠡ᠄ ᠥᠪᠦᠷ ᠮᠣᠩ᠋ᠭᠤᠯ ᠤᠨ ᠡᠳᠦᠷ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121486979