蒙古文网站Logo
ᠰᠢᠨᠬᠤᠸᠠ ᠮᠤᠩᠭ᠋ᠤᠯ ᠨᠧᠲ

ᠠᠶᠠᠭ᠎ᠠ ᠤᠬᠢᠶᠠᠬᠤ ᠠᠯᠴᠢᠭᠤᠷ ᠳᠡᠭᠡᠷ᠎ᠠ 300 ᠭᠠᠷᠤᠢ ᠵᠦᠢᠯ ᠤᠨ ᠪᠠᠺᠲ᠋ᠧᠷᠢ ᠪᠠᠶᠢᠳᠠᠭ

2017-08-16 10:43

    ᠬᠧᠷᠮᠠᠨ ᠤ ᠵᠢᠰᠦᠨ ᠶᠡᠬᠡ ᠰᠤᠷᠭᠠᠭᠤᠯᠢ ᠶᠢᠨ ᠨᠢᠬᠡᠨ ᠰᠤᠳᠤᠯᠭᠠᠨ ᠳᠤ ᠬᠠᠷᠠᠭᠤᠯᠤᠭᠰᠠᠨ ᠢᠶᠡᠷ᠂ ᠲᠤᠭᠤᠭᠠᠨ ᠬᠡᠷ ᠲᠤ ᠬᠡᠷᠡᠭᠯᠡᠳᠡᠭ ᠠᠶᠠᠭ᠎ᠠ ᠣᠬᠢᠶᠠᠬᠤ ᠠᠯᠴᠢᠭᠤᠷ ᠳᠡᠭᠡᠷ᠎ᠠ 362 ᠵᠦᠢᠯ ᠤᠨ ᠪᠠᠺᠲ᠋ᠧᠷᠢ ᠰᠠᠭᠤᠳᠠᠬ ᠮᠦᠷᠲᠡᠬᠡᠨ ᠬᠠᠭᠠᠰ ᠲᠤᠭᠠᠨ ᠤ ᠪᠠᠺᠲ᠋ᠧᠷᠢ  ᠨᠢ ᠡᠪᠠᠳᠴᠢᠨ ᠡᠭᠦᠰᠭᠡᠳᠡᠭ᠃ ᠰᠤᠳᠤᠯᠭᠠᠳᠠᠳ ᠬᠡᠷᠡᠭᠯᠡᠵᠤ ᠦᠩᠬᠡᠷᠡᠭᠰᠡᠨ 14 ᠠᠶᠠᠭ᠎ᠠ ᠣᠬᠢᠶᠠᠬᠰᠠᠨ ᠠᠯᠴᠢᠭᠤᠷ ᠢ ᠴᠤᠭᠯᠠᠭᠤᠯᠵᠤ ᠬᠤᠮᠠᠬᠢ ᠠᠮᠢᠳᠤ ᠪᠤᠳᠠᠰ ᠤᠨ ᠵᠠᠳᠠᠯᠤᠯᠲᠠ ᠬᠢᠵᠡᠢ᠃ ᠡᠬᠦᠨ ᠳᠤ᠂ ᠲᠠᠷᠬᠠᠯᠠᠭ᠎ᠠ ᠠᠨᠠᠢ ᠨᠠᠰᠤᠲᠠᠶᠢᠴᠤᠤᠯ ᠪᠠ ᠬᠡᠤᠬᠡᠳ ᠪᠠᠭᠠᠴᠤᠳ ᠲᠤ ᠠᠮᠠᠷᠬᠠᠨ ᠡᠪᠡᠳᠴᠢᠨ ᠬᠠᠯᠳᠠᠪᠤᠷᠢᠯᠠᠳᠠᠭ ᠤᠯᠠᠨ ᠲᠦᠷᠦᠯ ᠤᠨ ᠪᠠᠺᠲ᠋ᠧᠷᠢ ᠦᠷᠡᠵᠢᠭᠰᠡᠨ ᠪᠠᠶᠢᠪᠠ᠃ ᠠᠶᠠᠭ᠎ᠠ ᠣᠬᠢᠶᠠᠬᠤ ᠠᠯᠴᠢᠭᠤᠷ ᠢᠶᠡᠨ ᠦᠷᠭᠦᠯᠵᠢ ᠤᠬᠢᠶᠠᠪᠠᠴᠤ ᠤᠬᠤᠷ ᠬᠤᠭᠤᠴᠠᠭᠠᠨ ᠤ ᠳᠤᠲᠤᠷ᠎ᠠ ᠪᠠᠺᠲ᠋ᠧᠷᠢ ᠦᠷᠡᠵᠢᠴᠢᠬᠡᠳᠡᠭ ᠲᠤᠯᠠ ᠦᠷᠭᠦᠯᠵᠢ ᠰᠢᠨ᠎ᠠ ᠶᠢ ᠰᠣᠯᠢᠪᠡᠯ ᠰᠠᠶ᠊ᠢ ᠲᠦᠭᠰᠢᠬᠦᠷᠢ ᠡᠴᠡ ᠪᠦᠳᠦᠮᠵᠢᠳᠡᠢ ᠵᠠᠶᠢᠯᠠᠰᠬᠢᠵᠤ ᠳᠡᠶᠢᠯᠤᠨ᠎ᠠ᠃

    ᠰᠤᠳᠤᠯᠭᠠᠳᠠᠳ ᠤᠨ ᠬᠡᠯᠡᠬᠦ ᠪᠡᠷ᠂ ᠪᠠᠺᠲ᠋ᠧᠷᠢ ᠬᠦᠮᠦᠨ ᠤ ᠪᠡᠶ᠎ᠠ ᠳᠤ ᠨᠥᠯᠥᠬᠡ ᠪᠤᠯᠬᠤ ᠬᠤᠶᠠᠷ ᠤᠷᠢᠳᠠᠯ ᠨᠦᠬᠦᠴᠡᠯ ᠪᠤᠢ᠂ ᠨᠢᠬᠡ ᠨᠢ ᠬᠦᠮᠦᠨ ᠤ ᠪᠠᠶ᠎ᠠ ᠳᠤ ᠤᠷᠤᠭᠰᠠᠨ ᠪᠠᠺᠲ᠋ᠧᠷᠢ ᠶᠢᠨ ᠲᠤᠭ᠎ᠠ ᠵᠢᠴᠢ ᠡᠪᠡᠳᠴᠢᠨ ᠡᠬᠦᠰᠬᠡᠬᠦ ᠪᠠᠺᠲ᠋ᠧᠷᠢ ᠮᠦᠨ ᠡᠰᠡᠬᠦ ᠶᠢ ᠦᠵᠡᠨ᠎ᠠ᠃ ᠠᠶᠠᠭ᠎ᠠ ᠣᠬᠢᠶᠠᠬᠤ ᠪᠦᠰᠡ ᠨᠢ ᠶᠠᠭ ᠡᠶᠢᠮᠦᠷᠬᠦ ᠪᠠᠺᠲ᠋ᠧᠷᠢᠲᠤ ᠣᠷᠴᠢᠨ ᠮᠦᠨ ᠪᠦᠬᠡᠳ ᠡᠳᠦᠷ ᠪᠦᠷᠢ ᠠᠶᠠᠭ᠎ᠠ ᠰᠠᠪᠬ᠎ᠠ ᠲᠠᠢ ᠰᠢᠭᠤᠳ ᠬᠦᠷᠦᠯᠴᠡᠨ᠂ ᠮᠢᠬ᠎ᠠ᠂ ᠨᠤᠭᠤᠭᠠᠨ ᠤ ᠥᠢᠷᠮᠦᠭ᠂ ᠲᠤᠰᠦ ᠵᠡᠷᠭᠡ ᠨᠢ ᠠᠳᠠᠯᠢ ᠪᠤᠰᠤ ᠬᠡᠮᠵᠢᠶ᠎ᠠ ᠪᠡᠷ ᠪᠦᠰ ᠳᠡᠭᠡᠷ᠎ᠠ ᠨᠠᠭᠠᠯᠳᠤᠳᠠᠭ ᠡᠴᠡ ᠪᠠᠺᠲ᠋ᠧᠷᠢ ᠳ᠋ᠤ ᠲᠦᠷᠬᠡᠨ ᠦᠷᠡᠵᠢᠬᠦ ᠪᠤᠯᠤᠮᠵᠢ ᠬᠠᠩ᠋ᠭᠠᠳᠠᠭ᠃ ᠡᠶᠢᠮᠦ ᠡᠴᠡ ᠠᠶᠠᠭ᠎ᠠ ᠣᠬᠢᠶᠠᠬᠤ ᠪᠠᠭᠠᠵᠢ ᠪᠡᠨ ᠦᠷᠭᠦᠯᠵᠢ ᠬᠠᠳᠠᠭᠠᠭᠬᠤ᠂ ᠰᠣᠯᠢᠬᠤ᠂ 10 ᠮᠢᠨᠦ᠋ᠲ ᠴᠢᠨᠠᠵᠤ ᠠᠷᠢᠭᠤᠳᠬᠬᠤ ᠶᠢ ᠪᠠᠷᠢᠮᠳᠠᠯᠠᠨ᠂ ᠪᠠᠰᠡ ᠠᠯᠴᠢᠭᠤᠷ ᠢᠶᠡᠨ ᠲᠤᠰᠬᠠᠢ ᠬᠡᠷᠡᠭᠯᠡᠬᠦ ᠶᠢ ᠠᠩᠬᠠᠷᠪᠠᠯ ᠵᠣᠬᠢᠨ᠎ᠠ᠃ (ᠵᠢᠷᠤᠭ ᠢ ᠨᠧᠲ ᠡᠴᠡ)

ᠢᠷᠡᠯᠳᠡ᠄ ᠠᠮᠢᠳᠤᠷᠠᠯ ᠭᠠᠷᠠᠭ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121491515