蒙古文网站Logo
ᠰᠢᠨᠬᠤᠸᠠ ᠮᠤᠩᠭ᠋ᠤᠯ ᠨᠧᠲ

ᠬᠤᠷᠤᠳ ‍ᠤᠨ ᠦᠢᠯᠡᠳᠦᠯ

2017-08-22 10:18

    ᠮᠤᠩ᠋ᠭᠤᠯᠴᠤᠳ ᠭᠡᠳᠤᠨ ᠮᠢᠩᠭ᠋ᠠᠨ ᠵᠢᠯ ᠤᠨ ᠳᠤᠷᠰᠢ ᠳᠠᠯ᠎ᠡ ᠨᠤᠳᠤᠭ ᠤᠨ ᠨᠡᠭᠦᠳᠡᠯ ᠰᠤᠶᠤᠯ ᠤᠨ ᠪᠤᠯᠪᠠᠰᠤᠨ ᠢ ᠪᠦᠳᠤᠭᠡᠭᠦ ᠶᠠᠪᠤᠴᠠ ᠳ᠋ᠤ ᠪᠡᠨ ᠴᠠᠭᠠᠨ ᠢᠳᠡᠭᠡᠨ ᠭᠡᠮᠡᠭᠦ ᠦᠪᠠᠷᠮᠢᠴᠠ ᠰᠠᠶᠢᠬᠠᠨ ᠢᠳᠡᠭᠡᠨ ᠤᠮᠳᠠᠭᠠᠨ ᠤ ᠰᠤᠶᠤᠯ ᠢ ᠡᠭᠦᠳᠦᠭᠰᠡᠨ ᠪᠢᠯᠡ᠃ ᠴᠠᠭᠠᠨ ᠢᠳᠡᠭᠡᠨ ᠪᠤᠯ ᠰᠢᠮ᠎ᠡ ᠳᠡᠵᠢᠭᠡᠯ ᠢᠶᠡᠷ ᠦᠨᠳᠤᠷ ᠴᠤᠯ ᠪᠠᠶᠢᠭᠠᠯᠢᠯᠢᠬ ᠢᠳᠡᠭᠡᠨ ᠮᠦᠨ᠂ ᠳᠡᠭᠡᠪᠡᠯ ᠴᠠᠭᠠᠨ ᠢᠳᠡᠭᠡᠨ ᠤ ᠭᠤᠤᠯ ᠲᠦᠷᠦᠯ ᠵᠦᠢᠯ ᠪᠤᠯᠬᠤ ᠬᠤᠷᠤᠳ ᠨᠢ ᠭᠦᠮᠤᠨ ᠤ ᠪᠠᠶ᠎ᠡ ᠳ᠋ᠤ ᠶᠠᠮᠠᠷ ᠠᠴᠢ ᠳᠤᠰᠠ ᠲᠠᠢ ᠪᠣᠯ ? ᠨᠤᠳᠤᠭ ᠨᠤᠳᠤᠭ ᠤᠨ ᠦᠪᠠᠷᠮᠢᠴᠠ ᠤᠨᠴᠠᠯᠢᠭ ᠡᠴᠠ ᠪᠤᠯᠵᠤ ᠬᠤᠷᠤᠳ ᠤᠨ ᠳᠦᠷᠦᠯ ᠵᠦᠢᠯ ᠪᠠ ᠬᠢᠭᠦ ᠠᠷᠭ᠎ᠠ ᠪᠦᠷ ᠠᠳᠠᠯᠢ ᠦᠭᠡᠢ᠂ ᠶᠠᠷᠦᠳᠡᠭᠡᠨ ᠰᠦᠨ ᠬᠤᠷᠤᠳ ᠪᠠ ᠠᠭᠠᠷᠴᠠᠠ ᠬᠤᠷᠤᠳ ᠭᠡᠵᠤ ᠬᠤᠶᠠᠷ ᠠᠩᠬᠢᠯᠠᠨ᠎ᠡ᠃ ᠰᠦᠨ ᠬᠤᠷᠤᠳ ᠪᠤᠯ ᠬᠠᠮᠤᠭ ᠤᠨ ᠦᠯ ᠰᠢᠮ᠎ᠡ ᠲᠠᠢ ᠢᠳᠡᠭᠡᠨ ᠪᠤᠯᠤᠨ᠎ᠡ᠃

    ᠰᠦᠨ ᠬᠤᠷᠤᠳ ᠲᠤ ᠭᠦᠮᠤᠨ ᠤ ᠪᠠᠶ᠎ᠡ ᠳ᠋ᠤ ᠭᠡᠷᠡᠭᠰᠡᠬᠦ ᠠᠮᠢᠨᠣ᠋ ᠬᠦᠴᠢᠯ ᠠᠷᠪᠢᠨ ᠠᠭᠤᠯᠤᠭᠳᠠᠵᠤ ᠪᠠᠶᠢᠳᠠᠭ ᠪᠤᠯᠬᠤᠷ ᠪᠠᠶ᠎ᠡ ᠶᠢᠨ ᠳᠡᠮᠢᠷ ᠢ ᠰᠠᠶᠢᠵᠢᠷᠠᠭᠤᠯᠵᠤ᠂ ᠡᠪᠡᠳᠴᠢᠨ ᠡᠰᠡᠷᠭᠦᠴᠡᠬᠦ ᠦᠢᠯᠡᠳᠦᠯ ᠲᠠᠢ; ᠤᠶᠢᠷ᠎ᠡ ᠶᠢᠨ ᠵᠢᠯ ᠤᠨ ᠰᠤᠳᠤᠯᠭᠠᠨ ᠡᠴᠠ ᠦᠵᠡᠪᠡᠯ᠂ ᠰᠦ᠋ ᠶᠢ ᠪᠤᠯᠪᠠᠰᠤᠷᠠᠭᠤᠯᠤᠨ ᠬᠤᠷᠤᠳ ᠬᠢᠭᠦ ᠶᠠᠪᠤᠴᠠ ᠳ᠋ᠤ ᠰᠦᠨ  ᠳᠤᠳᠤᠷ᠎ᠡ ᠠᠭᠤᠯᠤᠭᠳᠠᠬᠤ ᠨᠢᠭᠡ ᠵᠦᠢᠯ ᠤᠨ ᠤᠭᠤᠷᠠᠭ ᠡᠴᠡ ᠵᠠᠳᠠᠷᠠᠨ ᠡᠭᠦᠰᠦᠭᠰᠡᠨ ᠪᠤᠳᠠᠰ ᠨᠢ ᠴᠢᠰᠤᠨ ᠤ ᠢᠯᠳᠠᠰᠤ ᠡᠭᠡᠳᠡᠭᠦ ᠶᠢ ᠬᠤᠷᠢᠭᠯᠠᠨ᠎ᠡ᠂ ᠡᠨᠡ ᠨᠢ ᠴᠢᠰᠤᠨ ᠤ ᠳᠠᠷᠤᠯᠳᠠ ᠶᠢ ᠪᠠᠭᠤᠷᠠᠭᠤᠯᠬᠤ ᠦᠢᠯᠡᠳᠤᠯ ᠲᠠᠢ᠃ ᠠᠭᠠᠷᠴᠠᠨ  ᠬᠤᠷᠤᠳ ᠬᠤᠤᠷ  ᠳᠠᠶᠢᠯᠬᠤ᠂ ᠰᠢᠮᠡᠵᠢᠭᠦᠯᠦᠨ ᠳᠠᠮᠢᠷᠵᠢᠭᠤᠯᠬᠤ ᠪᠠ ᠤᠮᠳᠠᠭᠠᠰᠬᠤ ᠶᠢ ᠵᠤᠭᠰᠤᠭᠠᠬᠤ ᠵᠡᠷᠭᠡ ᠴᠢᠳᠠᠮᠵᠢ ᠲᠠᠢ᠂ ᠭᠤᠤᠯᠳᠠᠭᠤ ᠢᠳᠡᠭᠡᠨ ᠤ ᠬᠤᠤᠷ ᠪᠠ ᠡᠮ ᠤᠨ ᠬᠤᠤᠷ ᠢ ᠳᠠᠶᠢᠯᠵᠤ᠂ ᠤᠮᠳᠠᠭᠠᠰᠬᠤ ᠶᠢ ᠲᠠᠶᠢᠯᠤᠨ᠎ᠠ᠃ ᠰᠦᠨ ᠬᠤᠷᠤᠳ ᠪᠤᠯᠤᠨ ᠠᠭᠠᠷᠴᠠᠨ ᠬᠤᠷᠤᠳ ᠲᠤ ᠸᠢᠲ᠋ᠠᠮᠢᠨ᠂ ᠦᠭᠡᠭᠦ᠂ ᠹᠤᠰᠹᠤᠷ᠂ ᠳᠡᠮᠤᠷ ᠵᠡᠷᠭᠡ ᠭᠦᠮᠤᠨ ᠤ ᠪᠠᠶ᠎ᠡ ᠳ᠋ᠤ ᠳᠤᠰᠠᠳᠠᠢ ᠪᠢᠴᠢᠯ ᠡᠯᠸᠮᠸᠨ᠋ᠲ ᠡᠯᠪᠡᠭ᠌ ᠠᠭᠤᠯᠤᠭᠳᠠᠳᠠᠭ ᠡᠴᠠ ᠭᠠᠳᠠᠨ᠎ᠠ ᠲᠠᠷᠬᠠᠯᠠᠭ᠎ᠠ ᠶᠢ ᠳᠡᠭᠡᠭ᠍ᠰᠢᠯᠡᠭᠦᠯᠵᠤ᠂ ᠦᠩᠭᠡ ᠵᠢᠰᠤ ᠶᠢ ᠭᠤᠸᠠᠯᠢᠬᠵᠢᠭᠤᠯᠬᠤ ᠥᠢᠯᠡᠳᠦᠯ ᠲᠠᠢ᠃

    ᠮᠤᠩ᠋ᠭᠤᠯᠴᠤᠳ ᠪᠠᠶᠢᠭᠠᠯᠢ᠂ ᠴᠠᠭ ᠠᠭᠠᠷ ᠤᠨ ᠨᠦᠭᠦᠴᠠᠯ ᠳ᠋ᠤ ᠳᠤᠬᠢᠷᠠᠭᠤᠯᠤᠨ ᠰᠦ᠋ ᠪᠠᠷ ᠤᠯᠠᠨ ᠳᠦᠷᠦᠯ ᠤᠨ ᠴᠠᠭᠠᠨ ᠢᠳᠡᠭᠡᠨ ᠤ ᠪᠦᠳᠦᠭᠡᠭ᠍ᠳᠡᠭᠦᠨ ᠬᠢᠵᠤ᠂ ᠵᠢᠯ ᠤᠨ ᠳᠦᠷᠪᠡᠨ ᠤᠯᠠᠷᠢᠯ ᠳ᠋ᠤ ᠵᠤᠬᠢᠴᠠᠭᠤᠯᠤᠨ ᠭᠦᠨᠡᠰᠤᠨ ᠳ᠋ᠤ ᠪᠠᠨ ᠭᠡᠷᠡᠭᠯᠡᠳᠡᠭ ᠢᠶᠡᠷ ᠮᠤᠩᠭ᠋ᠤᠯ ᠭᠦᠮᠤᠨ ᠤ ᠪᠠᠶ᠎ᠡ ᠳ᠋ᠤ ᠭᠠᠶᠢᠬᠠᠮᠰᠢᠭᠳᠠᠢ ᠵᠤᠬᠢᠴᠠᠵᠤ ᠂ ᠡᠷᠡᠭᠦᠯ ᠰᠠᠷᠠᠭᠤᠯ ᠠᠵᠤ ᠳᠦᠷᠦᠭᠦ ᠰᠠᠭᠤᠷᠢ ᠪᠤᠯᠤᠭᠰᠠᠭᠠᠷ ᠢᠷᠡᠭᠰᠡᠨ ᠶᠤᠮ᠃ ᠬᠠᠬᠢᠷ ᠭᠦᠢᠳᠡᠨ ᠤᠯᠠᠷᠢᠯ ᠳ᠋ᠤ ᠳᠠᠷᠬᠠᠯᠠᠭ᠎ᠠ ᠰᠠᠷᠭᠦᠭᠡᠵᠤ ᠶᠠᠳᠠᠷᠠᠭ᠎ᠠ ᠳᠠᠶᠢᠯᠬᠤ ᠳ᠋ᠤ ᠠᠭᠠᠷᠴᠠᠨ ᠬᠤᠷᠤᠳ ᠬᠢᠭ᠍ᠰᠡᠨ ᠪᠠᠩᠰᠢ ᠲᠠᠢ ᠱᠦᠯᠦ ᠤᠤᠭᠤᠨ᠎ᠠ ; ᠬᠤᠳᠤᠭᠤᠳᠤ ᠳᠠᠯᠢᠭᠦᠦ ᠶᠢᠨ ᠳᠠᠮᠢᠷ ᠳᠤᠷᠤᠶᠢᠳᠠᠬᠤ ᠳ᠋ᠤ ᠬᠤᠷᠤᠳ ᠲᠠᠢ ᠭᠤᠯᠢᠷ ᠢᠳᠡᠭᠡᠨ ᠢᠶᠠᠷ ᠡᠮᠨᠡᠳᠡᠭ; ᠬᠤᠷᠤᠳ ᠮᠢᠬ᠎ᠠ ᠶᠢᠨ ᠵᠠᠭᠤᠰᠢ ᠨᠢ ᠳᠠᠪᠤᠨ ᠴᠤᠯᠤ ᠶᠢ ᠰᠠᠶᠢᠵᠢᠷᠠᠭᠤᠯᠤᠨ᠎ᠡ; ᠬᠤᠤᠷᠳᠤ ᠮᠤᠭᠠᠢ ᠪᠤᠶᠤ ᠰᠢᠪᠠᠵᠢ ᠬᠤᠷᠤᠬᠠᠢ ᠳ᠋ᠤ ᠬᠠᠵᠠᠭᠳᠠᠪᠠᠯ ᠴᠠᠭ᠎ᠠ ᠶᠢᠨ ᠳᠤᠭᠰᠢᠨ ᠰᠢᠷᠡᠰᠤ ᠪᠠᠷ ᠤᠬᠢᠶᠠᠬᠤ ᠪᠤᠶᠤ ᠠᠭᠠᠷᠴᠠ ᠰᠢᠪᠠᠵᠤ ᠬᠤᠤᠷ ᠳᠠᠶᠢᠯᠬᠤ ᠵᠡᠷᠭᠡ ᠤᠯᠠᠨ ᠤᠯᠠᠮᠵᠢᠯᠠᠯᠳᠤ ᠵᠤᠷ ᠤᠳ ᠪᠤᠢ᠃ ᠡᠭᠦᠨ ᠡᠴᠠ ᠭᠠᠳᠠᠨ᠎ᠡ ᠠᠭᠠᠷᠴᠠᠨ ᠬᠤᠷᠤᠳ ᠢ ᠵᠢᠵᠢᠭᠯᠡᠭᠡᠳ ᠶᠠᠰᠣᠨ ᠤ ᠱᠦᠯᠦ᠂ ᠮᠢᠬ᠎ᠡ ᠲᠠᠢ ᠪᠤᠳᠠᠭ᠎ᠠ ᠪᠣᠯᠣᠨ ᠱᠦᠯᠦ ᠭᠣᠯᠢᠷ ᠲᠤ ᠬᠢᠵᠤ ᠢᠳᠡᠳᠡᠭ᠃ ᠪᠠᠰᠠ ᠵᠠᠷᠢᠮ ᠠᠶᠢᠯ ᠬᠠᠷ᠎ᠡ ᠱᠦᠯᠦ ᠪᠤᠯᠤᠨ ᠪᠤᠤᠵᠠ᠂ ᠪᠠᠩᠰᠢ ᠶᠢᠨ ᠨᠠᠶᠢᠷᠠᠯᠭ᠎ᠠ ᠳ᠋ᠤ ᠪᠡᠨ ᠠᠭᠠᠷᠴᠠᠨ ᠬᠤᠷᠤᠳ ᠬᠢᠵᠤ ᠢᠳᠡᠨ᠎ᠠ᠃ ᠢᠩᠬᠢᠵᠦ ᠢᠳᠡᠬᠦ ᠨᠢ ᠢᠳᠡᠰᠢ ᠰᠢᠩᠭᠡᠭᠡᠭᠦ᠂ ᠬᠤᠳᠤᠭᠤᠳᠤ ᠭᠡᠳᠡᠰᠤ  ᠶᠢ ᠰᠠᠶᠢᠵᠢᠷᠠᠭᠤᠯᠬᠤ᠂ ᠶᠠᠳᠠᠷᠠᠭ᠎ᠠ ᠳᠠᠶᠢᠯᠬᠤ ᠪᠠ ᠭᠦᠴᠤ ᠲᠠᠮᠢᠷ ᠤᠷᠤᠭᠤᠯᠬᠤ ᠦᠢᠯᠡᠳᠤᠯ ᠲᠠᠢ; ᠦᠷᠯᠦᠭᠡᠨ ᠤ ᠴᠠᠢ ᠳ᠋ᠠᠭᠠᠨ ᠭᠡᠳᠤᠨ ᠵᠦᠰᠦᠮ ᠬᠤᠷᠤᠳ ᠬᠢᠭᠡᠳ ᠤᠤᠭᠤᠪᠠᠯ ᠬᠠᠭᠠᠰ ᠡᠳᠤᠷ ᠦᠯᠦᠰᠴᠤ ᠤᠮᠳᠠᠭᠠᠰᠬᠤ ᠦᠭᠡᠢ ᠦᠯ ᠲᠠᠢ ᠪᠠᠶᠢᠳᠠᠭ ᠪᠦᠬᠡᠳ ᠳᠡᠷᠡᠴᠢᠯᠡᠨ ᠡᠳᠤᠷ ᠪᠦᠷᠢ ᠬᠤᠷᠤᠳ ᠲᠠᠢ ᠴᠠᠢ ᠤᠤᠭᠤᠬᠤ ᠨᠢ ᠪᠠᠶ᠎ᠡ ᠮᠠᠬᠠᠪᠤᠳ ᠢ ᠴᠢᠬᠢᠷᠠᠭᠵᠢᠭᠤᠯᠤᠨ᠂ ᠳᠠᠷᠬᠠᠯᠠᠭ᠎ᠠ  ᠶᠢ ᠶᠠᠭᠡᠪᠠᠷ ᠰᠠᠢᠢᠵᠢᠷᠠᠭᠤᠯᠳᠠᠬ᠃

    ᠭᠡᠪᠡᠴᠤ ᠬᠤᠷᠤᠳ ᠨᠢ ᠰᠢᠩᠭᠡᠭᠦ ᠳ᠋ᠤ ᠤᠳᠠᠭᠠᠨ ᠤᠴᠢᠷ ᠡᠴᠠ ᠰᠢᠩᠭᠡᠭᠡᠯᠳᠡ ᠮᠠᠭᠤ ᠭᠦᠮᠤᠰ ᠠᠷᠪᠢᠨ ᠢᠳᠡᠵᠤ ᠪᠤᠯᠬᠤ ᠦᠭᠡᠢ;ᠬᠤᠷᠤᠳ ᠲᠤ ᠫᠦᠷᠢᠨ ᠠᠷᠪᠢᠨ ᠠᠭᠤᠯᠤᠭᠳᠠᠬᠤ ᠤᠴᠢᠷ ᠡᠴᠠ ᠦᠷᠭᠡᠰᠤᠳᠤ ᠬᠠᠪᠤᠳᠠᠷ ᠲᠠᠢ ᠡᠪᠡᠳᠴᠢᠳᠠᠨ ᠪᠣᠯᠣᠨ ᠴᠢᠰᠤᠨ ᠳ᠋ᠠᠬᠢ ᠰᠢᠭᠡᠰᠤᠨ ᠭᠦᠴᠢᠯ ᠤᠨ ᠦᠳᠭᠡᠴᠡ ᠦᠨᠳᠤᠷ ᠭᠦᠮᠤᠰ ᠢᠳᠡᠬᠦ ᠳᠤ ᠪᠡᠨ ᠬᠢᠴᠢᠶᠠᠭᠦ ᠭᠡᠷᠡᠭᠳᠡᠢ; ᠬᠤᠷᠤᠳ ᠲᠤ ᠶᠠᠭᠡ ᠬᠡᠮᠵᠢᠶᠠᠨ ᠤ ᠠᠮᠢᠨᠣ᠋ ᠭᠦᠴᠢᠯ ᠠᠭᠤᠯᠤᠭᠳᠠᠬᠤ ᠤᠴᠢᠷ ᠡᠴᠠ ᠭᠡᠳᠤ ᠠᠷᠪᠢᠨ ᠢᠳᠡᠪᠡᠯ ᠨᠤᠶᠢᠷ ᠬᠤᠯᠵᠢᠭᠤᠯᠳᠠᠭ᠃

ᠢᠷᠡᠯᠳᠡ᠄ ᠳᠤᠮᠳᠠᠳᠤ ᠤᠯᠤᠰ ᠤᠨ ᠮᠣᠩ᠋ᠭᠤᠯ ᠷᠠᠳᠢᠣ᠋ ᠰᠦᠯᠵᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121521576