蒙古文网站Logo
ᠰᠢᠨᠬᠤᠸᠠ ᠮᠤᠩᠭ᠋ᠤᠯ ᠨᠧᠲ

ᠤᠳᠠᠭᠠᠨ ᠰᠠᠭᠤᠬᠤ ᠨᠢ ᠬᠢᠷᠢ ᠵᠡᠷᠭᠡ ᠲᠦᠭᠰᠢᠬᠥᠷᠢ ᠲᠠᠢ ᠪᠤᠢ ?

2017-09-19 10:05

    《ᠬᠥᠳᠡᠯᠬᠥ ᠦᠭᠡᠢ ᠤᠳᠠᠭᠠᠨ ᠰᠠᠭᠤᠬᠤ》 ᠨᠢ ᠡᠷᠡᠬᠥᠯ ᠮᠡᠨᠲᠤ ᠳᠤ ᠠᠮᠠᠷᠬᠠᠨ ᠬᠤᠤᠷ ᠬᠥᠨᠤᠭᠡᠯ ᠤᠴᠠᠷᠠᠭᠤᠯᠤᠨ᠎ᠠ᠃ ᠵᠠᠷᠢᠮ ᠰᠤᠳᠤᠯᠤᠯᠳᠡ ᠡᠴᠡ ᠦᠵᠡᠬᠥ ᠳᠤ᠂ ᠤᠳᠠᠭᠠᠨ ᠰᠠᠭᠤᠪᠠᠯ ᠬᠥᠯ ᠨᠢᠷᠤᠭᠤᠨ ‍ᠤ ᠡᠪᠡᠳᠴᠢᠨ ᠡᠬᠥᠰᠭᠡᠬᠦ ᠪᠦᠬᠡᠳ ᠵᠢᠷᠤᠭᠡᠨ ᠤ ᠡᠪᠡᠳᠴᠢᠨ ᠵᠡᠷᠭᠡ ᠵᠢᠷᠤᠭᠡ ᠴᠢᠰᠤᠨ ᠰᠤᠳᠠᠯ ‍ᠤᠨ ᠡᠪᠡᠳᠴᠢᠨ ᠤᠯᠬᠤ ᠲᠦᠭᠰᠢᠬᠥᠷᠢ ᠵᠢ ᠨᠡᠮᠡᠭᠳᠡᠬᠥᠯᠤᠨ᠎ᠠ᠃ ᠡᠬᠦᠨ ᠡᠴᠡ ᠭᠠᠳᠠᠨ᠎ᠠ᠂ ᠬᠥᠳᠡᠯᠬᠡᠬᠡᠨ ᠬᠢᠬᠦ ᠦᠬᠡᠢ 60 ᠮᠢᠨᠦ᠋ᠲ ᠰᠠᠭᠤᠪᠠᠯ ᠦᠬᠥᠬᠥ ᠲᠦᠭᠰᠢᠬᠥᠷᠢ ᠵᠢ ᠲᠠᠬᠢᠨ ᠵᠢᠡᠷ ᠨᠡᠮᠡᠭᠳᠡᠬᠥᠯᠬᠥ ᠪᠡᠷ ᠪᠠᠷᠠᠬᠤ ᠦᠭᠡᠢ ᠲᠠᠷᠠᠭᠠᠴᠢ ᠪᠡᠷ ᠬᠥᠳᠡᠯᠭᠡᠭᠡᠨ ᠬᠢᠭ᠍ᠰᠡᠨ ᠴᠤ ᠡᠨᠡ ᠬᠦ ᠦᠷ᠎ᠠ ᠳ᠋ᠦᠩ ‍ᠢ ᠬᠤᠪᠢᠷᠠᠭᠤᠯᠵᠤ ᠴᠢᠳᠠᠬᠤ ᠦᠭᠡᠢ ᠭᠡᠰᠡᠨ ᠪᠠᠶᠢᠨ᠎ᠠ᠃

    ᠺᠤᠯᠦ᠋ᠮᠪᠢᠶ᠎ᠠ ᠶᠡᠭᠡ ᠰᠤᠷᠭᠠᠭᠤᠯᠢ ᠵᠢᠨ ᠠᠨᠠᠭᠠᠬᠤ ᠤᠬᠠᠭᠠᠨ ᠤ ᠲᠡᠭᠡᠳᠤ ᠰᠤᠷᠭᠠᠭᠤᠯᠢ ᠵᠢᠨ ᠰᠤᠳᠤᠯᠭᠠᠨ ‍ᠤ ᠳ᠋ᠦᠩ ᠳ᠋ᠥ ᠢᠯᠡᠷᠡᠬᠥᠯᠦᠭᠰᠡᠨ ᠵᠢᠡᠷ᠂ ᠰᠤᠳᠤᠯᠤᠭᠳᠠᠬᠰᠠᠨ ᠡᠳᠡᠭᠡᠳ ‍ᠤᠨ ᠲᠠᠶᠢᠪᠤᠩ ᠰᠠᠭᠤᠬᠤ ᠲᠤᠮᠳᠠᠴᠢ ᠴᠠᠭ ᠨᠢ ᠰᠡᠷᠭᠡᠭ᠌ ᠪᠠᠶᠢᠬᠤ ᠴᠠᠭ ‍ᠤᠨ 77% ᠵᠢ ᠡᠵᠡᠯᠡᠵᠤ ᠪᠠᠶᠢᠨ᠎ᠠ᠂ ᠡᠨᠡ ᠨᠢ ᠡᠳᠤᠷ ᠪᠦᠷᠢ 12 ᠴᠠᠭ ᠢᠯᠡᠬᠥᠤ ᠲᠠᠶᠢᠪᠤᠩ ᠰᠠᠭᠤᠵᠤ ᠪᠠᠶᠢᠨ᠎ᠠ ᠭᠡᠰᠡᠨ ᠦᠭᠡ᠃ ᠰᠤᠳᠤᠯᠭᠠ ᠳᠤ ᠬᠠᠷᠠᠭᠠᠤᠯᠤᠭᠰᠠᠨ ᠨᠢ᠂ ᠡᠳᠤᠷ ᠪᠦᠷᠢ ᠶᠢᠨ ᠬᠥᠳᠡᠯᠬᠥ ᠦᠭᠡᠢ ᠤᠳᠠᠭᠠᠨ ᠰᠠᠭᠤᠬᠤ ᠴᠠᠭ ᠨᠢ ᠦᠬᠥᠬᠥ ᠲᠤᠬᠢᠶᠠᠯᠳᠤᠮᠵᠢ ᠲᠠᠢ ᠰᠢᠭᠤᠳ ᠬᠤᠯᠪᠤᠬᠳᠠᠨ᠎ᠠ᠃

    ᠰᠤᠳᠤᠯᠭᠠᠲᠠᠳ ᠰᠤᠳᠤᠯᠤᠭᠳᠠᠬᠰᠠᠨ ᠡᠳᠡᠭᠡᠳ ‍ᠤᠨ ᠲᠠᠶᠢᠪᠤᠩ ᠰᠠᠭᠤᠬᠤ ᠬᠤᠭᠤᠴᠠᠭ᠎ᠠ ᠪᠠ ᠲᠠᠶᠢᠪᠤᠩ ᠰᠠᠭᠤᠬᠤ ᠮᠠᠶ᠊ᠢᠭ ‍ᠢ ᠶᠡᠷᠤᠩᠭᠡᠶᠢᠯᠡᠨ ᠬᠠᠷᠢᠴᠠᠭᠤᠯᠤᠭᠰᠠᠨ ‍ᠤ ᠲᠠᠷᠠᠭ᠎ᠠ ᠤᠯᠵᠤ ᠮᠡᠲᠡᠭᠰᠡᠨ ᠨᠢ᠂ ᠡᠳᠤᠷ ᠪᠦᠷᠢ ᠶᠢᠨ ᠲᠠᠶᠢᠪᠤᠩ ᠰᠠᠭᠤᠬᠤ ᠬᠤᠭᠤᠴᠠᠭ᠎ᠠ ᠨᠢ 13 ᠴᠠᠭ ‍ᠢ ᠬᠡᠳᠤᠷᠡᠭᠰᠡᠨ ᠪᠤᠯᠤᠨ ᠨᠢᠭᠡ ᠤᠳᠠᠭ᠎ᠠ ᠳ᠋ᠥ ᠲᠠᠶᠢᠪᠤᠩ ᠰᠠᠭᠤᠬᠤ ᠴᠠᠭ ᠨᠢ 60 ᠮᠢᠨᠦ᠋ᠲ ᠡᠴᠠ ᠲᠡᠭᠡᠭ᠍ᠰᠢᠬᠢ ᠬᠦᠮᠦᠰ ‍ᠤᠨ ᠦᠬᠥᠬᠥ ᠲᠦᠭᠰᠢᠬᠥᠷᠢ ᠨᠢ ᠡᠳᠤᠷ ᠪᠦᠷᠢ ᠶᠢᠨ ᠲᠠᠶᠢᠪᠤᠩ ᠰᠠᠭᠤᠬᠤ ᠶᠡᠷᠤᠩᠭᠡᠢ ᠬᠤᠭᠤᠴᠠᠭ᠎ᠠ ᠨᠢ ᠬᠠᠮᠤᠭ ‍ᠤᠨ ᠤᠬᠤᠷ ᠵᠢᠴᠢ ᠨᠢᠭᠡ ᠤᠳᠠᠭ᠎ᠠ ᠳ᠋ᠥ ᠲᠠᠶᠢᠪᠤᠩ ᠰᠠᠭᠤᠬᠤ ᠴᠠᠭ ᠨᠢ ᠬᠠᠮᠤᠭ ‍ᠤᠨ ᠤᠬᠤᠷ ᠬᠦᠮᠦᠰ ‍ᠤᠨ ᠦᠬᠥᠬᠥ ᠨᠤᠷᠮ᠎ᠠ ᠡᠴᠠ ᠬᠤᠶᠠᠷ ᠲᠠᠬᠢᠨ ᠦᠨᠳᠤᠷ ᠪᠠᠶᠢᠯ᠎ᠠ᠃ ᠡᠬᠥᠨ ᠳ᠋ᠥ ᠨᠢᠭᠡ ᠡᠤᠳᠠᠭ᠎ᠠ ᠳ᠋ᠥ ᠲᠠᠶᠢᠪᠤᠩ ᠰᠠᠭᠤᠬᠤ ᠴᠠᠭ ᠨᠢ 30 ᠮᠢᠨᠦ᠋ᠲ ᠬᠡᠳᠦᠷᠡᠬᠦ ᠦᠬᠡᠢ ᠰᠤᠳᠤᠯᠤᠭᠳᠠᠬᠰᠠᠨ ᠡᠳᠡᠭᠡᠳ ‍ᠤᠨ ᠦᠬᠥᠬᠥ ᠨᠤᠷᠮ᠎ᠠ ᠨᠢ ᠬᠠᠮᠤᠭ ‍ᠤᠨ ᠲᠤᠤᠷ᠎ᠠ᠃ ᠡᠬᠥᠨ ᠡᠴᠠ ᠭᠠᠳᠠᠨ᠎ᠠ᠂ ᠢᠯᠡᠬᠥᠦ ᠬᠥᠳᠡᠯᠭᠡᠭᠡᠨ ᠬᠢᠬᠥ ᠨᠢ ᠶᠡᠷᠤᠩᠭᠡᠢ ᠲᠠᠶᠢᠪᠤᠩ ᠰᠠᠭᠤᠬᠤ ᠴᠠᠭ ᠨᠢ ᠬᠡᠳᠤ ᠤᠷᠳᠤ ᠪᠤᠶᠤ ᠨᠢᠭᠡ ᠤᠳᠠᠭ᠎ᠠ ᠳ᠋ᠥ ᠲᠠᠶᠢᠪᠤᠩ ᠰᠠᠭᠤᠬᠤ ᠴᠠᠭ ᠨᠢ ᠬᠡᠳᠤ ᠤᠷᠳᠤ ᠡᠴᠡ ᠪᠤᠯᠤᠬᠰᠠᠨ ᠦᠬᠥᠬᠥ ᠲᠦᠭᠰᠢᠬᠥᠷᠢ ᠵᠢ ᠪᠠᠭᠤᠷᠠᠭᠤᠯᠵᠤ ᠴᠢᠳᠠᠬᠤ ᠦᠭᠡᠢ  ᠶᠢ ᠰᠤᠳᠤᠯᠭᠠᠲᠠᠳ ᠤᠯᠵᠤ ᠮᠡᠳᠡᠭᠰᠡᠨ ᠪᠢᠯᠡ᠃

    ᠡᠶᠢᠮᠤ ᠡᠴᠠ ᠰᠤᠳᠤᠯᠭᠠᠳᠠᠳ ᠡᠴᠡ ᠰᠠᠨᠠᠭᠤᠯᠤᠭᠰᠠᠨ ᠨᠢ᠂ 30 ᠮᠢᠨᠦ᠋ᠲ ᠲᠠᠶᠢᠪᠤᠩ ᠰᠠᠭᠤᠬᠤ ᠪᠦᠷᠢ 5 ᠮᠢᠨᠦ᠋ᠲ ᠬᠥ᠋ᠳᠡᠯᠭᠡᠭᠡᠨ ᠬᠢᠪᠡᠯ ᠬᠠᠮᠤᠭ ‍ᠤᠨ ᠰᠠᠶᠢᠨ᠃ ᠦᠷᠬᠥᠯᠵᠢ ᠰᠢᠯᠪᠢ ᠪᠠ ᠬᠥᠯ ‍ᠤᠨ ᠭᠡᠰᠡᠭ ‍ᠤᠨ ᠬᠥ᠋ᠳᠡᠯᠭᠡᠭᠡᠨ ᠬᠢᠵᠤ᠂ ᠲᠤᠤᠷ᠎ᠠ ᠮᠦᠴᠢ ᠪᠠᠨ ᠰᠠᠨᠠᠭᠠᠴᠢᠯᠠᠭ᠎ᠠ ᠲᠠᠢ ᠪᠡᠷ ᠰᠤᠩ᠋ᠭᠠᠵᠤ ᠵᠢᠬᠢᠯᠭᠡᠬᠥ ᠪᠠ ᠤᠴᠤᠶᠢᠬᠤ ᠵᠡᠷᠭᠡ ᠬᠥ᠋ᠳᠡᠯᠭᠡᠭᠡᠨ ᠬᠢᠪᠠᠯ ᠲᠤᠤᠷᠠᠳᠤ ᠮᠦᠴᠢ ᠵᠢᠨ ᠴᠢᠰᠤᠨ ‍ᠤ ᠡᠷᠬᠢᠯᠳᠡ ᠵᠢ ᠬᠤᠷᠳᠤᠳᠬᠠᠵᠤ᠂ ᠵᠢᠷᠤᠭᠡ ᠴᠢᠰᠤᠨ ᠰᠤᠳᠡᠯ ᠵᠡᠷᠭᠡ ᠡᠤᠯᠠᠨ ᠵᠦᠢᠯ ‍ᠤᠨ ᠡᠪᠡᠳᠴᠢᠨ ‍ᠢ ᠪᠠᠭᠠᠰᠬᠠᠬᠤ ᠵᠢᠨ ᠤᠯᠠᠮ ᠡᠴᠠ ᠦᠬᠥᠬᠥ ᠲᠦᠭᠰᠢᠬᠥᠷᠢ ᠵᠢ ᠪᠠᠭᠤᠷᠠᠭᠤᠯᠵᠤ ᠪᠤᠯᠤᠨ᠎ᠠ᠃

ᠢᠷᠡᠯᠳᠡ᠄ ᠠᠷᠠᠳ ‍ᠤᠨ ᠰᠦᠯᠵᠢᠶ᠎ᠡ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011100001121686776