蒙古文网站Logo
ᠰᠢᠨᠬᠤᠸᠠ ᠮᠤᠩᠭ᠋ᠤᠯ ᠨᠧᠲ

ᠦᠷᠭᠦᠯᠵᠢ ᠵᠢᠭᠠᠰᠤᠨ ᠤ ᠮᠢᠬ᠎ᠠ ᠢᠳᠡᠪᠡᠯ ᠨᠤᠶᠢᠷ ᠤᠨ ᠪᠤᠯᠴᠢᠷᠬᠠᠢ ᠶᠢᠨ ᠦᠮᠡᠨ ᠢ ᠰᠠᠷᠬᠡᠶᠢᠯᠠᠨ᠎ᠠ

2017-10-11 16:25

    ᠶᠡᠷᠦ ᠶᠢᠨ ᠦᠶ᠎ᠠ ᠳᠤ ᠵᠢᠭᠠᠰᠤᠨ ᠤ ᠮᠢᠬ᠎ᠠ᠂ ᠢᠯᠠᠩᠭ᠋ᠤᠶ᠎ᠠ ᠬᠦᠨ ᠳᠠᠯᠠᠢ ᠳ᠋ᠡᠬᠢ ᠵᠢᠭᠠᠰᠤᠨ ᠤ ᠮᠢᠬ᠎ᠠ ᠶᠢ ᠦᠷᠬᠦᠯᠵᠢ ᠢᠳᠡᠬᠦ ᠨᠢ ᠵᠢᠷᠦᠬᠡ ᠲᠠᠷᠢᠬᠢᠨ ᠤ ᠡᠷᠡᠭᠦᠯᠵᠢᠯ ᠳᠤ ᠲᠤᠰᠠᠲᠠᠢ ᠬᠡᠵᠤ ᠬᠡᠯᠡᠳᠡᠭ᠃ ᠤᠶᠢᠷ᠎ᠠ ᠳᠤ 《ᠠᠮᠧᠷᠢᠺᠠ ᠶᠢᠨ ᠡᠮᠴᠢᠯᠡᠬᠡᠨ ᠤ ᠰᠢᠮ᠎ᠠ ᠲᠡᠵᠢᠬᠡᠯ ᠤᠨ ᠰᠤᠳᠤᠯᠤᠯ ᠰᠡᠳᠭᠦᠯ》 ᠨᠢ ᠶᠠᠫᠤᠨ ᠤ ᠨᠢᠬᠡᠨ ᠰᠢᠨ᠎ᠠ ᠰᠤᠳᠤᠯᠭᠠᠨ ᠤ ᠳ᠋ᠦᠩ ᠢ ᠨᠡᠶᠢᠳᠡᠯᠡᠬᠦ ᠳᠤ ᠪᠡᠨ᠂ ᠵᠢᠭᠠᠰᠤᠨ ᠤ ᠮᠢᠬ᠎ᠠ ᠦᠷᠬᠦᠯᠵᠢ ᠢᠳᠡᠪᠡᠯ ᠨᠤᠶᠢᠷ ᠤᠨ ᠪᠤᠯᠴᠢᠷᠬᠠᠢ ᠶᠢᠨ ᠦᠮᠠᠨ ᠤᠯᠬᠤ ᠲᠦᠭᠰᠢᠬᠦᠷᠢ ᠶᠢ ᠪᠠᠭᠠᠰᠬᠠᠳᠠᠭ ᠬᠡᠰᠡᠨ ᠪᠠᠶᠢᠨ᠎ᠠ᠃

    ᠨᠤᠶᠢᠷ ᠤᠨ ᠪᠤᠯᠴᠢᠷᠬᠠᠢ ᠶᠢᠨ ᠦᠮᠡᠨ ᠤ ᠬᠤᠤᠷ ᠪᠤᠯᠬᠤ ᠬᠡᠮᠵᠢᠶ᠎ᠠ ᠨᠢ ᠮᠠᠰᠢ ᠦᠨᠳᠦᠷ ᠮᠦᠷᠲᠡᠬᠡᠨ ᠠᠮᠠᠷᠬᠠᠨ ᠮᠡᠳᠡᠭᠳᠡᠳᠡᠭ ᠦᠬᠡᠢ᠂ ᠪᠠᠰᠠ ᠠᠮᠠᠷᠬᠠᠨ ᠰᠢᠯᠵᠢᠵᠤ ᠡᠮᠨᠡᠨ ᠵᠠᠰᠠᠬᠤ ᠳᠤ ᠬᠦᠴᠢᠷ ᠪᠠᠶᠢᠳᠠᠭ ᠡᠴᠡ 《ᠦᠮᠡᠨ ᠤ ᠸᠠᠩ》ᠬᠡᠮᠡᠳᠡᠭ᠃ ᠲᠤᠰ ᠡᠪᠡᠳᠴᠢᠨ ᠢ ᠤᠨᠤᠰᠢᠯᠠᠬᠰᠠᠨ ᠤ ᠳᠠᠷᠠᠭ᠎ᠠ 5 ᠵᠢᠯ ᠠᠮᠢᠳᠤᠷᠠᠬᠤ ᠨᠤᠷᠮ᠎ᠠ ᠨᠢ ᠵᠦᠪᠬᠡᠨ 6% ᠳ᠋ᠤ ᠯᠡ ᠬᠦᠷᠳᠡᠭ ᠪᠢᠯᠡ᠃

    ᠶᠠᠫᠤᠨ ᠤ ᠤᠯᠤᠰ ᠤᠨ ᠦᠮᠡᠨ ᠤ ᠲᠦᠪ ᠤᠨ ᠰᠤᠳᠤᠯᠭᠠᠨ ᠤ ᠪᠠᠭ ᠤᠨ ᠬᠢᠨ 14 ᠲᠦᠮᠡᠨ ᠰᠠᠶᠢᠨ ᠳᠤᠷᠠᠴᠤᠤᠯ ᠳᠤ ᠮᠦᠷᠳᠡᠯ ᠪᠠᠶᠢᠴᠠᠭᠠᠯᠲᠠ ᠬᠢᠵᠤ ᠳᠡᠳᠡᠨ ᠤ ᠢᠳᠡᠭᠡᠨ ᠤᠮᠳᠠᠭᠠᠨ ᠤ ᠳᠠᠳᠬᠠᠯ ᠢ ᠥᠢᠯᠡᠭᠠᠵᠡᠢ᠂ ᠪᠠᠶᠢᠴᠠᠭᠠᠯᠲᠠ ᠶᠢᠨ ᠬᠤᠭᠤᠴᠠᠭᠠᠨ ᠳᠤ 449 ᠬᠦᠮᠦᠨ ᠨᠤᠶᠢᠷ ᠤᠨ ᠪᠤᠯᠴᠢᠷᠬᠠᠢ ᠶᠢᠨ ᠦᠮᠠᠨ ᠳᠤ ᠨᠡᠷᠪᠡᠭ᠍ᠳᠡᠭᠰᠡᠨ ᠢᠶᠡᠷ ᠤᠨᠤᠰᠢᠯᠠᠬᠳᠠᠪᠠ᠃ ᠡᠬᠦᠨ ᠳᠤ ᠤᠯᠵᠤ ᠮᠡᠳᠡᠭᠰᠡᠨ ᠨᠢ᠂ ᠵᠢᠭᠠᠰᠤᠨ ᠮᠢᠬ᠎ᠠ ᠦᠷᠭᠦᠯᠵᠢ ᠢᠳᠡᠳᠡᠭ ᠬᠦᠮᠦᠨ ᠤ ᠨᠤᠶᠢᠷ ᠤᠨ ᠪᠤᠯᠴᠢᠷᠬᠠᠢ ᠶᠢᠨ ᠦᠮᠠᠨ ᠳᠤ ᠨᠡᠷᠪᠡᠭ᠍ᠳᠡᠬᠦ ᠲᠦᠭᠰᠢᠭᠦᠷᠢ ᠨᠢ ᠪᠤᠰᠤᠳ ᠡᠴᠡ 30% ᠳᠤᠤᠷ᠎ᠠ ᠪᠠᠶᠢᠯ᠎ᠠ᠃

    ᠰᠤᠳᠤᠯᠭᠠᠳᠠᠳ ᠤᠨ ᠵᠢᠭᠠᠵᠤ ᠭᠠᠷᠭᠠᠬᠰᠠᠨ ᠢᠶᠡᠷ᠂ ᠵᠢᠭᠠᠰᠤᠨ ᠳ᠋ᠡᠬᠢ ᠬᠠᠨᠤᠭᠰᠠᠨ ᠦᠬᠡᠢ ᠥᠬᠡᠬᠦᠨ ᠬᠦᠴᠢᠯ ᠨᠢ ᠦᠷᠪᠢᠰᠦᠯ ᠢ ᠡᠰᠡᠷᠭᠦᠴᠡᠬᠦ ᠪᠠ ᠲᠠᠷᠬᠠᠯᠠᠭ᠎ᠠ ᠶᠢ ᠵᠣᠬᠢᠴᠠᠭᠤᠯᠬᠤ ᠥᠢᠯᠡᠳᠤᠯ ᠲᠠᠢ ᠮᠦᠷᠲᠡᠬᠡᠨ ᠨᠤᠶᠢᠷ ᠤᠨ ᠪᠤᠯᠴᠢᠷᠬᠠᠢ ᠶᠢᠨ ᠥᠷᠪᠢᠰᠦᠯ ᠢ ᠳᠠᠷᠤᠳᠠᠭ ᠡᠴᠡ ᠨᠤᠶᠢᠷ ᠤᠨ ᠪᠤᠯᠴᠢᠷᠬᠠᠢ ᠶᠢᠨ ᠦᠮᠡᠨ ᠳᠤ ᠨᠡᠷᠪᠡᠭ᠍ᠳᠡᠬᠦ ᠲᠦᠭᠰᠢᠭᠦᠷᠢ ᠶᠢ ᠪᠠᠭᠠᠰᠬᠠᠨ᠎ᠠ᠃ ᠡᠶᠢᠮᠦ ᠡᠴᠡ ᠦᠷᠭᠦᠯᠵᠢ ᠵᠢᠭᠠᠰᠤᠨ ᠤ ᠮᠢᠬ᠎ᠠ ᠢᠳᠡᠬᠦ ᠨᠢ ᠪᠡᠶ᠎ᠠ ᠮᠠᠬᠠᠪᠤᠳ ᠤᠨ ᠡᠷᠡᠭᠦᠯᠵᠢᠯ ᠳᠤ ᠮᠠᠰᠢ ᠲᠤᠰᠠᠲᠠᠢ ᠶᠤᠮ᠃

ᠢᠷᠡᠯᠳᠡ᠄ ᠳᠤᠮᠳᠠᠳᠤ ᠤᠯᠤᠰ ᠤᠨ ᠮᠣᠩᠭ᠋ᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121787579