蒙古文网站Logo
ᠰᠢᠨᠬᠤᠸᠠ ᠮᠤᠩᠭ᠋ᠤᠯ ᠨᠧᠲ

《ᠲᠡᠭᠷᠢ ᠶᠢᠨ ᠡᠯᠴᠢ ᠶᠢᠨ ᠠᠶᠠᠯᠠᠯ》 ᠤᠨ ᠠᠩᠬᠠᠨ ᠤ ᠪᠦᠯᠦᠭ ᠤᠨ 12 ᠬᠡᠤᠭᠡᠳ ᠬᠦᠬᠡᠬᠤᠲᠠ ᠳᠤ ᠬᠦᠷᠴᠦ ᠢᠷᠡᠯ᠎ᠡ

2017-10-11 17:54

    ᠰᠢᠨᠬᠤᠧᠠ ᠮᠣᠩᠭ᠋ᠤᠯ ᠨᠧᠲ ᠬᠦᠬᠡᠬᠤᠲᠠ ᠶᠢᠨ 10 ᠰᠠᠷ᠎ᠠ ᠶᠢᠨ 11 ᠤ ᠡᠳᠦᠷ ᠤᠨ ᠴᠠᠬᠢᠯᠭᠠᠨ ᠮᠡᠳᠡᠭᠡ (ᠪᠠᠢ ᠯᠢᠩ ᠳ᠋ᠢ) ᠳᠤᠮᠳᠠᠳᠤ ᠤᠯᠤᠰ ᠤᠨ ᠤᠯᠠᠭᠠᠨ ᠵᠠᠭᠠᠯᠮᠠᠶᠢᠲᠠᠨ ᠤ ᠨᠡᠶᠢᠬᠡᠮᠯᠢᠭ᠌ ᠪᠤᠯᠤᠨ ᠥᠪᠦᠷ ᠮᠣᠩ᠋ᠭᠤᠯ ᠤᠨ ᠥᠪᠡᠷᠲᠡᠬᠡᠨ ᠵᠠᠰᠠᠬᠤ ᠤᠷᠤᠨ ᠤ ᠤᠯᠠᠭᠠᠨ ᠵᠠᠭᠠᠯᠮᠠᠶᠢᠲᠠᠨ ᠤ ᠨᠡᠶᠢᠬᠡᠮᠯᠢᠭ᠌ ᠡᠴᠡ ᠬᠠᠮᠳᠤᠷᠠᠨ ᠦᠷᠨᠢᠬᠦᠯᠦᠭᠰᠡᠨ 《ᠲᠡᠭᠷᠢ ᠶᠢᠨ ᠡᠯᠴᠢ ᠶᠢᠨ ᠠᠶᠠᠯᠠᠯ — <ᠨᠢᠬᠡ ᠪᠦᠰᠡ ᠨᠢᠬᠡ ᠵᠠᠮ >ᠬᠡᠤᠬᠡᠳ ᠤᠨ ᠬᠦᠨᠳᠤ ᠡᠪᠡᠳᠴᠢᠨ ᠤ ᠬᠦᠮᠦᠯᠢᠭ ᠠᠪᠤᠷᠠᠯᠲᠠ ᠶᠢᠨ ᠲᠦᠯᠦᠪᠯᠡᠬᠡᠨ ᠤ ᠮᠣᠩᠭ᠋ᠤᠯ ᠤᠯᠤᠰ ᠲᠡᠬᠢ ᠠᠵᠢᠯᠯᠠᠭᠠᠨ 》 ᠤ ᠠᠪᠤᠷᠠᠨ ᠲᠤᠰᠠᠯᠠᠬᠤ ᠲᠦᠷᠦᠯᠬᠢ ᠵᠢᠷᠦᠬᠡᠨ ᠤ ᠡᠪᠡᠳᠴᠢᠨ ᠲᠠᠢ ᠠᠩᠬᠠᠨ ᠤ ᠪᠦᠯᠦᠭ ᠤᠨ 12 ᠬᠡᠤᠭᠡᠳ ᠭᠡᠷ ᠤᠨ ᠠᠬᠠᠮᠠᠳ ᠲᠠᠢ ᠪᠡᠨ 10 ᠤ᠋ ᠤᠷᠤᠢ ᠬᠦᠬᠡᠬᠤᠲᠠ ᠳᠤ ᠬᠦᠷᠴᠤ ᠢᠷᠡᠪᠡ᠃

    11 ᠤ ᠡᠳᠦᠷ᠂ ᠥᠪᠦᠷ ᠮᠣᠩᠭ᠋ᠤᠯ ᠤᠨ ᠥᠪᠡᠷᠲᠡᠬᠡᠨ ᠵᠠᠰᠠᠬᠤ ᠤᠷᠤᠨ ᠤ ᠠᠷᠠᠳ ᠤᠨ ᠡᠮᠨᠡᠯᠭᠡ ᠶᠢᠨ ᠵᠢᠷᠦᠬᠡᠨ ᠤ ᠡᠮᠨᠡᠯᠭᠡ ᠶᠢᠨ ᠲᠦᠪ ᠡᠴᠡ ᠲᠤᠰ 12 ᠬᠡᠤᠬᠡᠳ ᠲᠤ ᠪᠡᠶ᠎ᠠ ᠶᠢᠨ ᠪᠠᠶᠢᠴᠠᠭᠠᠯᠲᠠ ᠪᠤᠯᠤᠨ ᠮᠡᠰᠡ ᠵᠠᠰᠠᠯ ᠡᠴᠡ ᠡᠮᠦᠨᠡᠬᠢ ᠡᠯ᠎ᠠ ᠲᠦᠷᠦᠯ ᠤᠨ ᠪᠡᠯᠡᠳᠭᠡᠯ ᠠᠵᠢᠯ ᠬᠢᠭ᠍ᠰᠡᠨ ᠪᠠᠶᠢᠨ᠎ᠠ᠃ ᠡᠬᠦᠨ ᠳᠤ᠂ 12  ᠡᠴᠡ 15 ᠤ ᠡᠳᠦᠷ ᠤᠨ ᠬᠤᠭᠤᠷᠤᠨᠳᠤ ᠮᠡᠰᠡ ᠵᠠᠰᠠᠯ ᠬᠢᠬᠦ ᠪᠡᠷ ᠲᠤᠬᠢᠷᠠᠭᠤᠯᠪᠠ᠃

    ᠳᠤᠮᠳᠠᠳᠤ ᠤᠯᠤᠰ ᠤᠨ ᠤᠯᠠᠭᠠᠨ ᠵᠠᠭᠠᠯᠮᠠᠶᠢᠲᠠᠨ ᠤ ᠨᠡᠶᠢᠬᠡᠮᠯᠢᠭ᠌ ᠪᠤᠯᠤᠨ ᠥᠪᠦᠷ ᠮᠣᠩ᠋ᠭᠤᠯ ᠤᠨ ᠥᠪᠡᠷᠲᠡᠬᠡᠨ ᠵᠠᠰᠠᠬᠤ ᠤᠷᠤᠨ ᠤ ᠤᠯᠠᠭᠠᠨ ᠵᠠᠭᠠᠯᠮᠠᠶᠢᠲᠠᠨ ᠤ ᠨᠡᠶᠢᠬᠡᠮᠯᠢᠭ᠌  ᠬᠠᠮᠲᠤᠷᠠᠨ ᠥᠨᠥ ᠵᠢᠯ ᠤᠨ 8 ᠳ᠋ᠤᠭᠠᠷ ᠰᠠᠷ᠎ᠠ ᠡᠴᠡ ᠡᠬᠢᠯᠡᠨ ᠮᠣᠩᠭ᠋ᠤᠯ ᠤᠯᠤᠰ ᠲᠤ ᠲᠦᠷᠦᠯᠬᠢ ᠵᠢᠷᠦᠬᠡᠨ ᠤ ᠡᠪᠡᠳᠴᠢᠨ ᠲᠠᠢ ᠬᠡᠤᠬᠡᠳ ᠢ ᠠᠪᠤᠷᠠᠨ ᠲᠤᠰᠠᠯᠠᠬᠤ ᠠᠵᠢᠯᠯᠠᠭ᠎ᠠ ᠪᠠᠨ ᠡᠬᠢᠯᠡᠬᠦᠯᠬᠦ ᠶᠢᠨ ᠬᠠᠮᠲᠤ ᠪᠡᠭᠡᠵᠢᠩ ᠤᠨ ᠵᠢᠷᠦᠬᠡᠨ ᠤ ᠡᠪᠡᠳᠴᠢᠨ ᠤ ᠨᠡᠷᠡᠲᠤ ᠮᠡᠷᠭᠡᠵᠢᠯᠲᠠᠨ ᠵᠢᠴᠢ ᠥᠪᠦᠷ ᠮᠣᠩᠭ᠋ᠤᠯ ᠤᠨ ᠥᠪᠡᠷᠲᠡᠬᠡᠨ ᠵᠠᠰᠠᠬᠤ ᠤᠷᠤᠨ ᠤ ᠠᠷᠠᠳ ᠤᠨ ᠡᠮᠨᠨᠡᠯᠭᠡ ᠶᠢᠨ ᠵᠢᠷᠦᠬᠡᠨ ᠤ ᠡᠮᠨᠡᠯᠭᠡ ᠶᠢᠨ ᠲᠦᠪ  ᠤᠨ ᠮᠡᠷᠭᠡᠵᠢᠯᠲᠠᠨ ᠤ ᠪᠠᠭ ᠵᠣᠬᠢᠶᠠᠨ ᠪᠠᠶᠢᠭᠤᠯᠵᠤ᠂ ᠮᠣᠩ᠋ᠭᠤᠯ ᠤᠯᠤᠰ ᠤᠨ ᠤᠯᠠᠭᠠᠨᠪᠠᠭᠠᠲᠤᠷ ᠬᠤᠲᠠ ᠳᠤ ᠲᠦᠷᠦᠯᠬᠢ ᠵᠢᠷᠦᠬᠡᠨ ᠤ ᠡᠪᠡᠳᠴᠢᠨ ᠲᠡᠢ 0-14 ᠨᠠᠰᠤᠨ ᠤ ᠬᠡᠤᠬᠡᠳ ᠪᠠᠭᠠᠴᠤᠳ ᠲᠤ ᠡᠮᠨᠠᠨ ᠵᠠᠰᠠᠬᠤ ᠠᠵᠢᠯᠯᠠᠭ᠎ᠠ ᠦᠷᠨᠢᠬᠦᠯᠦᠭᠡᠳ ᠨᠡᠶᠢᠲᠠ127 ᠬᠡᠤᠬᠡᠳ ᠢ ᠪᠠᠶᠢᠴᠠᠭᠠᠨ ᠡᠮᠨᠡᠵᠤ᠂ 55 ᠬᠡᠤᠬᠡᠳ ᠲᠦ ᠮᠡᠰᠡ ᠵᠠᠰᠠᠯ ᠬᠢᠵᠤ ᠪᠤᠯᠬᠤ ᠪᠡᠷ ᠳᠤᠳᠤᠯᠠᠪᠠ᠃

    ᠲᠤᠰ ᠠᠵᠢᠯᠯᠠᠭ᠎ᠠ ᠶᠢ ᠳᠤᠮᠳᠠᠳᠤ ᠤᠯᠤᠰ ᠤᠨ ᠤᠯᠠᠭᠠᠨ ᠵᠠᠭᠠᠯᠮᠠᠶᠢᠲᠠᠨ ᠤ ᠨᠡᠶᠢᠬᠡᠮᠯᠢᠭ᠌ ᠤᠨ ᠲᠤᠷᠭᠠᠨ ᠤ ᠵᠠᠮ ᠤᠨ ᠲᠦᠬᠡᠮᠡᠯ ᠬᠠᠶᠢᠷ᠎ᠠ ᠶᠢᠨ ᠹᠤᠨᠳ᠋ ᠡᠴᠡ ᠲᠤᠰᠠᠯᠠᠨ ᠳᠡᠮᠵᠢᠵᠤ ᠪᠠᠶᠢᠨ᠎ᠠ᠃

ᠢᠷᠡᠯᠳᠡ᠄ ᠰᠢᠨᠬᠤᠧᠠ ᠮᠣᠩᠭ᠋ᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121788241