蒙古文网站Logo
ᠰᠢᠨᠬᠤᠸᠠ ᠮᠤᠩᠭ᠋ᠤᠯ ᠨᠧᠲ

ᠰᠤᠯᠠ ᠢᠳᠡᠭᠡᠨ ᠤ ᠪᠤᠭᠤᠳᠠᠯ ᠳ᠋ᠡᠬᠢ ᠬᠠᠭᠤᠷᠠᠶᠢᠰᠭᠠᠭᠴᠢ ᠶᠢᠨ ᠪᠤᠰᠤᠳ ᠬᠡᠷᠡᠭᠴᠡᠭᠡ

2017-11-01 13:26

    ᠰᠤᠯᠠ ᠢᠳᠡᠬᠡᠨ᠂ ᠪᠤᠭᠤᠷᠰᠤᠭ ᠪᠤᠶᠤ ᠱᠠᠬᠠᠢ ᠶᠢᠨ ᠬᠠᠶᠢᠷᠴᠠᠭ ᠲᠤ ᠪᠠᠶᠢᠭ᠎ᠠ ᠬᠠᠭᠤᠷᠠᠶᠢᠰᠭᠠᠭᠴᠢ ᠶᠢ ᠲᠠ ᠬᠠᠶᠠᠴᠢᠬᠠᠳᠠᠭ ᠤᠤ ?

    ᠲᠡᠬᠦᠨ ᠳᠤ ᠪᠠᠰᠠ ᠮᠠᠰᠢ ᠤᠯᠠᠨ ᠪᠤᠰᠤᠳ ᠬᠡᠷᠡᠭᠴᠡᠭᠡ ᠪᠠᠶᠢᠳᠠᠭ ᠢ ᠲᠠ ᠮᠡᠳᠡᠨ᠎ᠠ ᠤᠤ ?

    ᠬᠠᠭᠤᠷᠠᠶᠢᠰᠭᠠᠭᠴᠢ ᠶᠢ ᠪᠠᠶᠢᠭᠠᠯᠢᠯᠢᠬ ᠴᠠᠬᠢᠭᠤᠷ ᠤᠨ ᠳᠠᠪᠬᠤᠷ ᠢᠰᠦᠯ ᠢᠶᠡᠷ ᠬᠢᠳᠡᠭ᠂ ᠲᠡᠷᠡ ᠨᠢ ᠬᠤᠤᠷ ᠦᠬᠡᠢ᠂ ᠲᠤᠬᠲᠠᠪᠤᠷᠢᠲᠤ ᠴᠢᠨᠠᠷ ᠢᠶᠡᠷ ᠰᠠᠶᠢᠨ᠂ ᠤᠰᠤ ᠰᠢᠩᠬᠡᠭᠡᠬᠦ ᠴᠢᠳᠠᠮᠵᠢ ᠲᠠᠢ᠃

ᠤᠰᠤ ᠰᠢᠩᠬᠡᠭᠡᠬᠦ

    ᠭᠠᠷ ᠤᠳᠠᠰᠤᠨ ᠳᠤ ᠰᠠᠨᠠᠮᠰᠠᠷ ᠦᠬᠡᠢ ᠤᠰᠤ ᠤᠷᠤᠪᠠᠯ ᠳᠠᠷᠤᠢ ᠳᠤ ᠨᠢ ᠭᠠᠷ ᠤᠳᠠᠰᠤ ᠪᠡᠨ ᠬᠠᠭᠠᠵᠤ᠂ ᠬᠠᠭᠤᠷᠠᠶᠢᠰᠭᠠᠭᠴᠢ ᠪᠡᠷ ᠤᠰᠤᠨ ᠬᠡᠢ ᠶᠢ ᠰᠢᠩᠬᠡᠬᠡᠵᠤ ᠠᠪᠤᠨ᠎ᠠ᠃ ᠬᠡᠪᠡᠴᠤ ᠤᠰᠤ ᠤᠷᠤᠭᠰᠠᠨ ᠪᠠᠶᠢᠳᠠᠯ ᠨᠢ ᠬᠦᠨᠳᠤ ᠨᠣᠴᠢᠲᠠᠢ ᠪᠤᠯ ᠳᠠᠷᠤᠶᠢᠬᠠᠨ ᠰᠠᠯᠪᠢᠨ ᠵᠠᠰᠠᠬᠤ ᠭᠠᠵᠠᠷ ᠬᠦᠷᠬᠡᠬᠦ ᠬᠡᠷᠡᠭᠲᠠᠢ᠃

ᠬᠡᠷᠡᠯ ᠵᠢᠷᠤᠭ ᠴᠢᠭᠢᠭ᠍ᠳᠡᠬᠦ ᠡᠴᠡ ᠵᠠᠶᠢᠯᠠᠰᠬᠢᠨ᠎ᠠ

    ᠬᠡᠷᠡᠯ ᠵᠢᠷᠤᠭ ᠬᠠᠳᠠᠭᠠᠯᠠᠬᠤ ᠳᠠᠭᠠᠨ ᠬᠠᠭᠤᠷᠠᠶᠢᠰᠭᠠᠭᠴᠢ ᠲᠠᠢ ᠬᠠᠮᠲᠤ ᠲᠠᠯᠪᠢᠪᠠᠯ ᠬᠡᠷᠡᠯ ᠵᠢᠷᠤᠭ ᠴᠢᠭᠢᠭ᠍ᠳᠡᠬᠦ ᠡᠴᠡ ᠵᠠᠶᠢᠯᠠᠰᠬᠢᠬᠦ ᠪᠦᠬᠡᠳ ᠬᠡᠷᠡᠯ ᠵᠢᠷᠤᠭ ᠢ ᠬᠠᠮᠠᠭᠠᠯᠠᠨ᠎ᠠ᠃

ᠠᠭᠤᠷ ᠮᠠᠨᠠᠨ ᠠᠷᠢᠯᠭᠠᠨ᠎ᠠ

    ᠨᠠᠯᠢᠶᠡᠳ ᠨᠤᠶᠢᠲᠠᠨ ᠴᠢᠬᠢᠭ᠍ᠯᠢᠭ᠌ ᠪᠦᠰᠡ ᠨᠤᠲᠤᠭ ᠲᠤ᠂ ᠬᠠᠭᠤᠷᠠᠶᠢᠰᠭᠠᠭᠴᠢ ᠶᠢ ᠮᠠᠰᠢᠨ ᠤ ᠬᠠᠯᠬᠠᠪᠴᠢ ᠰᠢᠯ ᠤᠨ ᠬᠠᠵᠠᠭᠤᠳᠠ ᠲᠠᠯᠪᠢᠪᠠᠯ ᠠᠭᠤᠷᠰᠢᠯᠳᠠ ᠶᠢ ᠠᠷᠢᠯᠭᠠᠵᠤ ᠮᠠᠰᠢᠨ ᠪᠠᠷᠢᠬᠤ ᠳᠤ ᠴᠢᠨᠢ ᠳᠤᠰᠠᠯᠠᠨ᠎ᠠ᠃

ᠬᠢᠳᠤᠭᠠᠨ ᠤ ᠢᠷ ᠵᠢᠪᠡᠷᠡᠬᠦ ᠡᠴᠡ ᠰᠠᠷᠭᠡᠶᠢᠯᠡᠨ᠎ᠠ

    ᠬᠠᠭᠤᠷᠠᠶᠢᠰᠭᠠᠭᠴᠢ ᠶᠢ ᠰᠠᠬᠠᠯ ᠬᠤᠰᠤᠬᠤ ᠬᠢᠳᠤᠭ᠎ᠠ ᠪᠤᠶᠤ ᠬᠢᠳᠤᠭᠠᠨ ᠤ ᠰᠠᠪᠠᠨ (ᠬᠠᠶᠢᠷᠴᠠᠭ) ᠳ᠋ᠤ ᠲᠠᠯᠪᠢᠪᠠᠯ᠂ ᠬᠢᠳᠤᠭᠠᠨ ᠤ ᠢᠷ ᠴᠢᠬᠢᠭ᠍ᠳᠡᠵᠤ ᠵᠢᠪᠡᠷᠡᠬᠦ ᠡᠴᠡ ᠰᠠᠷᠭᠡᠶᠢᠯᠡᠨ᠎ᠠ᠃

ᠬᠦᠨᠡᠰᠦ ᠤᠳᠠᠭᠠᠨ ᠬᠠᠳᠠᠭᠠᠯᠠᠨ᠎ᠠ

    ᠬᠦᠨᠡᠰᠦ ᠬᠠᠳᠠᠭᠠᠯᠠᠬᠤ ᠠᠪᠳᠠᠷ᠎ᠠ ᠳᠠᠭᠠᠨ ᠬᠠᠭᠤᠷᠠᠶᠢᠰᠭᠠᠭᠴᠢ ᠶᠢ ᠲᠠᠯᠪᠢᠪᠠᠯ ᠤᠳᠠᠭᠠᠨ ᠬᠠᠳᠠᠭᠠᠯᠠᠬᠤ ᠳᠤ ᠠᠰᠢᠬᠲᠠᠢ᠃ ᠬᠡᠬᠦ ᠳ᠋ᠡᠬᠡᠨ ᠨᠢᠯᠬ᠎ᠠ ᠬᠡᠤᠬᠡᠳ ᠡᠨᠳᠡᠬᠦᠷᠡᠵᠤ ᠢᠳᠡᠬᠦ ᠡᠴᠡ ᠰᠡᠷᠬᠡᠶᠢᠯᠡᠭᠡᠷᠡᠢ!

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121889738