蒙古文网站Logo
ᠰᠢᠨᠬᠤᠸᠠ ᠮᠤᠩᠭ᠋ᠤᠯ ᠨᠧᠲ

ᠬᠡᠲᠤ ᠨᠠᠷᠢᠯᠢᠬ ᠢᠳᠡᠭᠡᠨ ᠨᠢᠯᠬ᠎ᠠ ᠬᠡᠦᠬᠡᠳ ᠤᠨ ᠰᠢᠲᠤᠨ ᠤ ᠪᠤᠶᠢᠵᠢᠯᠲᠡ ᠳᠤ ᠠᠰᠢᠬ ᠦᠭᠡᠢ

2017-12-25 17:22

  ᠰᠢᠨᠬᠤᠸᠠ ᠬᠤᠷᠢᠶ᠎ᠠ  ᠲᠠᠶᠢᠶᠤᠸᠠᠨ  ᠤ 12 ᠰᠠᠷ᠎ᠠ ᠶᠢᠨ 24 ᠤ᠋ ᠡᠳᠦᠷ ᠤᠨ ᠴᠠᠬᠢᠯᠭᠠᠨ ᠮᠡᠳᠡᠭᠡ(ᠰᠤᠷᠪᠤᠯᠵᠢᠯᠠᠬᠴᠢ ᠯᠢᠦ ᠰᠢᠶᠠᠩ ᠰᠢᠶᠤᠤ) ᠵᠠᠷᠢᠮ ᠭᠡᠷ ᠤᠨ ᠠᠬᠠᠮᠠᠳ ᠨᠢᠯᠬ᠎ᠠ ᠬᠡᠦᠬᠡᠳ ᠲᠤ ᠨᠠᠷᠢᠯᠢᠬ ᠢᠳᠡᠭᠡᠨ ᠢᠳᠡᠭᠦᠯᠪᠡᠯ ᠰᠢᠩᠭᠡᠭᠡᠯᠲᠡ ᠪᠠ ᠦᠰᠦᠯᠲᠡ ᠪᠤᠶᠢᠵᠢᠯᠲᠡ ᠳᠤ ᠨᠢ ᠠᠰᠢᠬᠲᠠᠢ ᠭᠡᠵᠦ ᠦᠵᠡᠳᠡᠭ᠃ ᠡᠶᠢᠮᠦᠷᠬᠦ ᠦᠵᠡᠯᠲᠡ ᠪᠤᠶᠤ ᠦᠢᠯᠡᠳᠦᠯᠭᠡ ᠨᠢ ᠦᠷᠦᠭᠡᠰᠦᠯ ᠲᠠᠯ᠎ᠠ ᠲᠠᠢ ᠪᠦᠭᠡᠳ ᠬᠡᠦᠬᠡᠳ ᠤᠨ ᠰᠢᠳᠤᠨ ᠤ ᠪᠤᠶᠢᠵᠢᠯᠲᠡ ᠳᠤ ᠬᠠᠷᠰᠢ ᠪᠤᠯᠵᠦ ᠮᠡᠳᠡᠨ᠎ᠡ ᠭᠡᠵᠦ ᠡᠮᠴᠢ ᠡᠴᠡ ᠰᠠᠨᠠᠭᠤᠯᠵᠦ ᠪᠤᠢ᠃

  ᠱᠨᠨᠰᠢ ᠮᠤᠵᠢ ᠶᠢᠨ ᠠᠷᠠᠳ ᠤᠨ ᠡᠮᠨᠡᠯᠭᠡ ᠶᠢᠨ ᠬᠤᠷᠢᠶᠠᠨ ᠤ ᠠᠮᠠᠨ ᠬᠦᠨᠳᠡᠢ ᠶᠢᠨ ᠡᠮᠨᠡᠯᠭᠡ ᠶᠢᠨ ᠬᠢᠨ ᠰᠡᠭᠦᠯ ᠤᠨ ᠵᠢᠯ ᠤᠳ ᠲᠤ ᠡᠮᠴᠢᠯᠡᠭᠡ ᠬᠢᠬᠦ ᠳᠡᠭᠡᠨ ᠵᠢᠷᠭᠤᠭ᠎ᠠ ᠳᠤᠯᠤᠭᠠᠨ ᠨᠠᠰᠤᠲᠠᠢ ᠵᠢᠭᠠᠯ ᠤᠳ ᠲᠤ ᠳᠠᠪᠬᠤᠷ ᠰᠢᠲᠤ ᠤᠷᠭᠤᠵᠤ ᠪᠠᠶᠢᠭ᠎ᠠ ᠪᠠᠶᠢᠳᠠᠯ ᠲᠠᠢ ᠵᠦᠩᠳᠡᠭᠡᠨ ᠲᠤᠬᠢᠶᠠᠯᠳᠤᠵᠠᠢ᠃ ᠡᠶᠢᠮᠦᠷᠬᠦ ᠪᠠᠶᠢᠳᠠᠯ ᠢ《ᠰᠦᠨ ᠰᠢᠳᠤ ᠬᠤᠴᠤᠷᠬᠤ》ᠭᠡᠳᠡᠭ᠂ ᠳᠠᠷᠤᠢ ᠬᠡᠦᠬᠡᠳ ᠤᠨ ᠪᠠᠶᠢᠩᠭ᠋ᠤ ᠶᠢᠨ ᠰᠢᠲᠤ ᠡᠬᠢᠯᠡᠵᠦ ᠤᠷᠭᠤᠬᠰᠠᠨ ᠪᠠᠶᠢᠬᠤ ᠳᠤ ᠰᠦᠨ ᠰᠢᠳᠤ ᠨᠢ ᠬᠠᠷᠠᠬᠠᠨ ᠤᠨᠠᠭᠠᠳᠤᠢ ᠪᠠᠶᠢᠬᠤ ᠵᠢ ᠵᠢᠭᠠᠵᠦ ᠪᠤᠢ᠂ ᠰᠦᠨ ᠰᠢᠳᠤ ᠬᠤᠴᠤᠷᠬᠤ ᠨᠢ ᠪᠠᠶᠢᠩᠭ᠋ᠤ ᠶᠢᠨ ᠰᠢᠳᠤᠨ ᠤ ᠤᠷᠭᠤᠬᠤ ᠴᠢᠭᠯᠡᠯ ᠪᠠ ᠪᠠᠶᠢᠷᠢ ᠵᠢ ᠨᠦᠯᠦᠭᠡᠯᠡᠵᠦ᠂ ᠭᠠᠵᠢᠬ ᠰᠢᠳᠤ ᠤᠷᠭᠤᠭᠤᠯᠳᠠᠬ ᠪᠦᠭᠡᠳ ᠠᠮᠠᠨ ᠬᠦᠨᠳᠡᠢ ᠶᠢᠨ ᠠᠷᠢᠭᠤᠨ ᠴᠡᠪᠡᠷ ᠢ ᠬᠠᠮᠠᠭᠠᠯᠠᠬᠤ ᠳᠤᠨᠢ ᠲᠦᠪᠡᠭ᠌ ᠤᠴᠠᠷᠠᠭᠤᠯᠵᠦ᠂ ᠰᠢᠲᠤ ᠨᠢ ᠬᠤᠷᠤᠬᠠᠶᠢᠲᠠᠳᠠᠬ ᠬᠡᠵᠦ ᠠᠮᠠᠨ ᠬᠦᠨᠳᠡᠢ ᠶᠢᠨ ᠡᠮᠨᠡᠯᠭᠡ ᠶᠢᠨ ᠳᠡᠳ᠋ ᠡᠷᠬᠢᠯᠡᠭᠴᠢ ᠳ᠋ᠤᠸᠠᠨ ᠴᠦᠨ ᠬᠤᠩ ᠰᠤᠷᠪᠤᠯᠵᠢᠯᠠᠬᠴᠢ ᠳᠤ ᠲᠠᠶᠢᠯᠪᠤᠷᠢᠯᠠᠵᠦ ᠪᠠᠶᠢᠪᠠ᠃

  ᠰᠢᠳᠤ ᠴᠤ ᠮᠦᠨ ᠬᠡᠷᠡᠭᠯᠡᠪᠡᠯ ᠰᠠᠭᠤᠷᠢᠰᠢᠵᠤ ᠬᠡᠷᠡᠭᠯᠡᠬᠦ ᠦᠭᠡᠢ ᠪᠤᠯ ᠰᠤᠯᠠᠷᠠᠳᠠᠬ᠃ ᠰᠦᠨ ᠰᠢᠳᠤ ᠬᠤᠴᠤᠷᠬᠤ ᠶᠢᠨ ᠭᠤᠤᠯ ᠰᠢᠯᠲᠠᠭᠠᠨ ᠨᠢ ᠳᠠᠷᠤᠢ ᠵᠠᠵᠢᠯᠠᠬᠤ ᠳᠤᠲᠠᠭᠤᠳᠠᠵᠦ ᠪᠤᠯᠪᠠᠰᠤᠷᠠᠯ ᠬᠦᠷᠦᠯᠴᠡᠬᠦ ᠦᠭᠡᠢ ᠡᠴᠡ ᠪᠤᠯᠤᠬᠰᠠᠨ ᠪᠠᠶᠢᠨ᠎ᠠ᠃ ᠡᠶᠢᠮᠦᠷᠬᠦ ᠪᠠᠶᠢᠳᠠᠯ ᠡᠭᠦᠰᠬᠦ ᠡᠴᠡ ᠰᠡᠷᠭᠡᠶᠢᠯᠡᠵᠦ᠂ ᠨᠢᠯᠬ᠎ᠠ ᠬᠡᠦᠬᠡᠳ ᠢ ᠰᠢᠲᠤᠯᠡᠭᠰᠡᠨ ᠬᠤᠶᠢᠨ᠎ᠠ ᠳᠠᠩᠳᠠ ᠨᠠᠷᠢᠯᠢᠬ ᠢᠳᠡᠭᠡᠨ ᠢᠳᠡᠭᠦᠯᠬᠦ ᠡᠴᠡ ᠵᠠᠶᠢᠯᠠᠰᠬᠢᠵᠦ᠂ ᠲᠤᠬᠲᠠᠬᠰᠠᠨ ᠬᠡᠮᠵᠢᠶᠡᠨ ᠤ ᠬᠠᠳᠠᠭᠤ ᠢᠳᠡᠭᠡᠨ ᠪᠤᠶᠤ ᠰᠢᠷᠬᠡᠭᠯᠢᠭᠲᠤ ᠢᠳᠡᠭᠡᠨ ᠢᠳᠡᠭᠦᠯᠬᠦ ᠵᠢ ᠬᠢᠴᠢᠶᠡᠪᠡᠯ ᠵᠤᠬᠢᠨ᠎ᠠ᠂ ᠡᠭᠦᠨ ᠤ ᠵᠡᠷᠭᠡᠪᠡᠷ ᠠᠮᠠᠨ ᠬᠦᠨᠳᠡᠢ ᠶᠢᠨ ᠠᠷᠢᠭᠤᠨ ᠴᠡᠪᠡᠷ ᠢ ᠠᠩᠬᠠᠷᠴᠦ ᠰᠦᠨ ᠰᠢᠳᠤᠨ ᠤ ᠤᠨᠠᠬᠤ ᠳᠤ ᠠᠰᠢᠬᠲᠠᠢ ᠪᠠᠶᠢᠯᠭᠠᠨ᠎ᠠ᠃ ᠬᠡᠷᠪᠡ ᠰᠦᠨ ᠰᠢᠲᠤ ᠬᠤᠴᠤᠷᠬᠤ ᠪᠠᠶᠢᠳᠠᠯ ᠢᠯᠡᠷᠡᠪᠡᠯ ᠳᠠᠷᠤᠶᠢᠬᠠᠨ ᠡᠮᠴᠢᠯᠡᠭᠦᠯᠬᠦ ᠬᠡᠷᠡᠭᠲᠡᠢ ᠭᠡᠵᠦ ᠡᠮᠴᠢ ᠡᠴᠡ ᠰᠠᠨᠠᠭᠤᠯᠵᠦ ᠪᠤᠢ᠃ ᠳᠠᠪᠬᠤᠷ ᠰᠢᠳᠤ ᠭᠠᠷᠬᠤ ᠪᠠᠶᠢᠳᠠᠯ ᠳᠤ ᠡᠮᠴᠢ ᠡᠴᠡ ᠶᠡᠷᠦ ᠨᠢ ᠪᠠᠶᠢᠩᠭ᠋ᠤ ᠶᠢᠨ ᠰᠢᠲᠤᠨ ᠤ ᠤᠷᠭᠤᠯᠲᠠ ᠵᠢ ᠬᠠᠷᠰᠢᠯᠠᠬᠤ ᠦᠭᠡᠢ ᠶᠢᠨ ᠲᠤᠯᠠᠳᠠ ᠬᠤᠴᠤᠷᠤᠬᠰᠠᠨ ᠰᠦᠨ ᠰᠢᠲᠤ ᠵᠢ ᠨᠢ ᠰᠤᠭᠤᠯᠤᠨ ᠠᠪᠴᠤ ᠪᠠᠶᠢᠩᠭ᠋ᠤ ᠶᠢᠨ ᠰᠢᠳᠦᠨ ᠳᠤ ᠵᠠᠢ ᠤᠯᠭᠤᠳᠠᠬ᠃ ᠬᠡᠷᠪᠡ ᠪᠠᠶᠢᠩᠭ᠋ᠤ ᠶᠢᠨ ᠰᠢᠳᠤ ᠤᠷᠤᠨ ᠳᠠᠭᠠᠨ ᠰᠠᠭᠤᠬᠰᠠᠨ ᠦᠭᠡᠢ ᠪᠤᠯ ᠡᠷᠬᠡᠪᠰᠢ ᠲᠤᠬᠢᠲᠠᠢ ᠴᠠᠬ ᠰᠤᠩᠭᠤᠨ ᠵᠠᠰᠠᠵᠦ ᠲᠡᠭᠰᠢᠯᠡᠬᠦ ᠬᠡᠷᠡᠭᠲᠡᠢ ᠪᠠᠶᠢᠳᠠᠬ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122164489