蒙古文网站Logo
ᠰᠢᠨᠬᠤᠸᠠ ᠮᠤᠩᠭ᠋ᠤᠯ ᠨᠧᠲ

ᠦᠭᠡᠷᠡᠴᠢᠯᠡᠯᠲᠡ ᠰᠢᠨᠡᠴᠢᠯᠡᠯᠲᠡ ᠪᠡᠷ 70 ᠵᠢᠯ ᠤᠨ ᠤᠢ ᠪᠠᠨ ᠤᠬᠲᠤᠵᠦ ᠪᠠᠶᠢᠭ᠎ᠠ ᠤᠯᠠᠭᠠᠨᠬᠠᠳᠠ ᠳᠡᠬᠢ ᠮᠣᠩᠭᠣᠯ ᠦᠨᠳᠤᠰᠤᠲᠡᠨ ᠤ ᠳᠤᠮᠳᠠᠳᠤ ᠰᠤᠷᠭᠠᠭᠤᠯᠢ

2016-07-16 22:40

    ᠰᠢᠨᠬᠣᠧᠠ ᠮᠣᠩᠭᠣᠯ ᠨᠧᠲ  ᠤᠯᠠᠭᠠᠨᠬᠠᠳᠠ ᠶᠢᠨ 7 ᠰᠠᠷ᠎ᠠ ᠶᠢᠨ 16 ᠤ ᠡᠳᠤᠷ ᠤᠨ ᠴᠠᠬᠢᠯᠭᠠᠨ ᠮᠡᠳᠡᠭᠡ (ᠰᠠᠷᠠᠨᠳᠤᠶᠠᠭ᠎ᠠ᠂ ᠰᠤᠷᠤᠶ᠎ᠠ) ᠥᠪᠦᠷ ᠮᠣᠩᠭᠣᠯ ᠤᠨ ᠭᠣᠤᠯᠳᠠᠯᠭᠠᠲᠤ ᠳᠤᠮᠳᠠᠳᠤ ᠰᠣᠷᠭᠠᠭᠤᠯᠢ ᠪᠣᠯᠬᠤ ᠤᠯᠠᠭᠠᠨᠬᠠᠳᠠ ᠳᠡᠬᠢ ᠮᠣᠩᠭᠣᠯ ᠦᠨᠳᠤᠰᠤᠲᠠᠨ ᠤ ᠳᠤᠮᠳᠠᠳᠤ ᠰᠤᠷᠭᠠᠭᠤᠯᠢ ᠨᠢ 2016 ᠤᠨ ᠤ ᠶᠡᠬᠡ ᠳᠡᠭᠡᠳᠤ ᠰᠣᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠪᠠ ᠦᠨᠳᠤᠷ ᠵᠡᠷᠭᠡ ᠶᠢᠨ ᠳᠤᠮᠳᠠᠳᠤ ᠰᠣᠷᠭᠠᠭᠤᠯᠢ ᠶᠢᠨ ᠡᠯᠰᠡᠯᠲᠠ  ᠶᠢᠨ ᠰᠢᠯᠭᠠᠯᠲᠠ ᠳᠤ ᠪᠦᠷ ᠰᠠᠶᠢᠨ ᠪᠦᠲᠦᠮᠵᠢ ᠣᠯᠵᠤ᠂ ᠰᠣᠶᠣᠯ ᠪᠣᠯᠪᠠᠰᠤᠷᠠᠯ ᠬᠣᠣᠰᠯᠠᠭᠰᠠᠨ ᠰᠤᠳᠤᠨ ᠦᠷᠡᠰ ᠢ ᠬᠦᠮᠦᠵᠢᠭᠦᠯᠬᠦ ᠪᠡᠷ ᠮᠡᠷᠠᠶᠢᠵᠦ ᠶᠠᠪᠤᠨ᠎ᠠ᠃

    2016 ᠤᠨ ᠤ ᠶᠡᠭᠡ ᠳᠡᠭᠡᠲᠤ ᠰᠣᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠳᠤ᠂ ᠤᠯᠠᠭᠠᠨᠬᠠᠲᠠ ᠳ᠋ᠡᠬᠢ ᠮᠤᠩᠭᠤᠯ ᠦᠨᠳᠤᠰᠤᠲᠠᠨ ᠤ ᠳᠤᠮᠳᠠᠳᠤ ᠰᠣᠷᠭᠠᠭᠤᠯᠢ ᠶᠢᠨ ᠰᠣᠷᠤᠭᠴᠢ ᠯᠢᠨ ᠨᠠ ᠮᠣᠩᠭᠣᠯ ᠢᠶᠡᠷ ᠰᠢᠯᠭᠠᠭᠤᠯᠤᠭᠰᠠᠳ ᠤᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠦᠷᠦᠯ ᠤᠨ ᠰᠢᠯᠭᠠᠯᠲᠠ ᠳᠤ 616 ᠬᠣᠪᠢ ᠪᠡᠷ ᠤᠯᠠᠭᠠᠨᠬᠠᠳᠠ ᠬᠣᠲᠠ ᠳᠤ ᠪᠡᠨ ᠲᠡᠷᠢᠭᠦᠯᠡᠨ᠂ ᠥᠪᠦᠷ ᠮᠣᠩᠭᠣᠯ   ᠤᠨ ᠬᠡᠪᠴᠢᠶᠡᠨ ᠳᠤ ᠡᠮᠦᠨ᠎ᠡ 20 ᠳᠤ ᠵᠢᠬᠰᠠᠭᠠᠭᠳᠠᠵᠤ᠂ ᠰᠣᠷᠤᠭᠴᠢ ᠮᠠᠨᠳᠤᠨ᠎ᠠ ᠮᠣᠩᠭᠣᠯ ᠢᠶᠡᠷ ᠰᠢᠯᠭᠠᠭᠤᠯᠤᠭᠰᠠᠳ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠲᠦᠷᠦᠯ ᠤᠨ ᠰᠢᠯᠭᠠᠯᠲᠠ ᠳᠤ 585 ᠬᠣᠪᠢ ᠪᠡᠷ ᠤᠯᠠᠭᠠᠨᠬᠠᠳᠠ ᠬᠣᠲᠠ ᠳᠤ ᠪᠡᠨ ᠲᠡᠷᠢᠭᠦᠯᠵᠤ᠂ ᠥᠪᠦᠷ ᠮᠣᠩᠭᠣᠯ ᠤᠨ ᠬᠡᠪᠴᠢᠶᠡᠨ ᠳᠤ ᠭᠤᠷᠪᠡᠳᠤᠭᠠᠷ ᠲᠤ ᠲᠤᠳᠤᠷᠠᠵᠠᠢ᠃ ᠡᠬᠦᠨ ᠡᠴᠡ ᠭᠠᠳᠠᠨ᠎ᠠ 500 ᠬᠣᠪᠢ ᠶᠢ ᠳᠠᠪᠠᠭᠰᠠᠨ ᠰᠤᠷᠤᠭᠴᠢ 43᠂ ᠡᠨᠡ ᠨᠢ ᠤᠯᠠᠭᠠᠨᠬᠠᠳᠠ ᠬᠤᠳᠠ ᠶᠢᠨ ᠠᠳᠠᠯᠢ ᠬᠤᠪᠢ ᠪᠡᠷ ᠰᠢᠯᠭᠠᠭᠤᠯᠤᠭᠰᠠᠨ ᠪᠦᠬᠦᠢᠯᠡ ᠰᠣᠷᠤᠭᠴᠢᠳ ᠤᠨ 67.22% ᠶᠢ ᠡᠵᠡᠯᠡᠨ᠂ ᠦᠩᠭᠡᠷᠡᠭᠰᠡᠨ ᠵᠢᠯ  ᠤᠨ  ᠢᠶᠡᠨ 3 ᠳᠡᠬᠢᠨ ᠢ ᠳᠠᠪᠠᠵᠠᠢ᠃

    ᠤᠯᠠᠭᠠᠨᠬᠠᠳᠠ ᠳ᠋ᠡᠬᠢ ᠮᠣᠩᠭᠣᠯ ᠦᠨᠳᠤᠰᠤᠲᠠᠨ ᠤ ᠳᠤᠮᠳᠠᠳᠤ ᠰᠣᠷᠭᠠᠭᠤᠯᠢ ᠶᠢᠨ ᠵᠠᠬᠢᠷᠦᠯ ᠪᠠᠲᠤᠵᠢᠷᠭᠠᠯ ᠰᠣᠷᠪᠤᠯᠵᠢᠯᠠᠭ᠎ᠠ ᠬᠦᠯᠢᠶᠡᠬᠦ ᠳ᠋ᠡᠭᠡᠨ᠄《 ᠮᠠᠨ ᠤ ᠰᠤᠷᠤᠭᠴᠢᠳ ᠤᠨ ᠰᠠᠶᠢᠨ ᠪᠦᠲᠦᠮᠵᠢ ᠪᠡᠷ ᠰᠢᠯᠭᠠᠭᠤᠯᠤᠭᠰᠠᠨ ᠨᠢ ᠪᠠᠭᠰᠢ ᠨᠠᠷ ᠤᠨ ᠴᠦᠬᠦᠷᠡᠰᠢ ᠦᠭᠡᠢ ᠴᠢᠷᠮᠠᠶᠢᠯᠭ᠎ᠠ ᠪᠤᠯᠤᠨ ᠦᠩᠭᠡᠷᠡᠭᠰᠡᠨ ᠤᠨ ᠳᠤ ᠠᠩᠬᠢ ᠪᠦᠷᠢ ᠶᠢᠨ ᠰᠢᠯᠢᠳᠠᠭ᠌ ᠰᠤᠷᠤᠭᠴᠢ ᠶᠢ ᠴᠤᠭᠯᠠᠭᠤᠯᠤᠨ ᠰᠢᠨ᠎ᠠ ᠪᠡᠷ ᠨᠢᠭᠡᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠦᠷᠦᠯ ᠤᠨ 〈ᠲᠦᠷᠭᠡᠨ ᠰᠤᠷᠬᠤ ᠠᠩᠬᠢ〉 ᠵᠣᠬᠢᠶᠠᠨ ᠪᠠᠶᠢᠭᠤᠯᠤᠭᠰᠠᠨ ᠲᠠᠢ ᠨᠢᠬᠳᠠ ᠬᠣᠯᠪᠤᠭ᠎ᠠ ᠲᠠᠢ᠂ 500 ᠬᠣᠪᠢ ᠶᠢ ᠳᠠᠪᠠᠭᠰᠠᠨ 43 ᠰᠣᠷᠤᠭᠴᠢ ᠶᠢᠨ 30 ᠨᠢ ᠲᠤᠰ ᠠᠩᠬᠢ ᠶᠢᠨ ᠬᠢ᠂ ᠬᠣᠶᠢᠰᠢᠲᠠ ᠵᠢᠭᠠᠨ ᠰᠣᠷᠭᠠᠯᠲᠠ ᠶᠢᠨ ᠲᠠᠯ᠎ᠠ ᠪᠡᠷ ᠪᠠᠰᠠ ᠴᠢᠩᠭ᠋ᠠᠷᠠᠭᠤᠯᠬᠤ ᠴᠢᠬᠣᠯᠠ ᠲᠠᠢ ᠵᠦᠢᠯᠡᠰ ᠣᠯᠠᠨ ᠪᠣᠢ》ᠬᠡᠵᠤ ᠶᠠᠷᠢᠵᠤ ᠪᠠᠶᠢᠯ᠎ᠠ᠃

    ᠤᠯᠠᠭᠠᠨᠬᠠᠳᠠ ᠳ᠋ᠡᠬᠢ ᠮᠣᠩᠭᠣᠯ ᠦᠨᠳᠤᠰᠤᠲᠠᠨ ᠤ ᠳᠤᠮᠳᠠᠳᠤ ᠰᠣᠷᠭᠠᠭᠤᠯᠢ ᠶᠢᠨ ᠪᠠᠭᠰᠢ ᠴᠢᠮᠡᠳ᠄《ᠮᠡᠨ ᠤ ᠰᠤᠷᠭᠠᠭᠤᠯᠢ ᠰᠡᠭᠦᠯ ᠤᠨ ᠵᠢᠯ ᠤᠳ ᠲᠤ᠂ ᠰᠤᠷᠤᠭᠴᠢ ᠶᠢᠨ ᠬᠠᠮᠢᠶᠠᠷᠤᠯᠲᠠ ᠪᠡᠨ ᠤᠯᠠᠮ ᠴᠢᠩ᠋ᠭᠠᠳᠬᠠᠵᠤ᠂ ᠪᠠᠭᠰᠢ ᠨᠠᠷ ᠤᠨ ᠪᠦᠯᠭᠦᠮᠳᠡᠯ ᠢ ᠠᠬᠢᠭᠤᠯᠵᠠᠢ᠃ ᠠᠵᠢᠯ ᠤᠨ ᠭᠤᠤᠯᠳᠠᠯᠠᠭ᠎ᠠ ᠪᠡᠨ ᠳᠡᠭᠦᠰᠭᠦ ᠠᠩᠬᠢ ᠳᠤ ᠴᠢᠭᠯᠡᠭᠦᠯᠵᠤ᠂ ᠪᠠᠭᠰᠢ ᠨᠠᠷ ᠤᠨ ᠡᠩᠨᠡᠭᠡ ᠶᠢ ᠰᠢᠯᠢᠳᠠᠭ᠍ᠵᠢᠭᠦᠯᠤᠨ᠂ ᠬᠢᠴᠢᠶᠡᠯ ᠲᠦᠷᠦᠯ ᠳᠡᠭᠡᠨ ᠲᠠᠭᠠᠷᠠᠤᠬᠠᠨ ᠰᠤᠷᠤᠬᠴᠢᠳ ᠲᠤ ᠲᠤᠰᠬᠠᠢ ᠳᠠᠪᠲᠠᠯᠭ᠎ᠠ ᠲᠤᠬᠢᠷᠠᠭᠤᠯᠤᠬᠰᠠᠨ ᠡᠴᠡ ᠰᠤᠷᠤᠭᠴᠢᠳ ᠤᠨ ᠰᠤᠷᠬᠤ ᠤᠷᠮ᠎ᠠ ᠶᠢ ᠳᠡᠭᠡᠭ᠍ᠰᠢᠯᠡᠭᠦᠯᠵᠤ ᠪᠠᠭᠰᠢ ᠨᠠᠷ ᠤᠨ ᠢᠳᠡᠪᠬᠢᠵᠢᠯ ᠢ ᠳᠠᠶᠢᠴᠢᠯᠠᠵᠠᠢ᠃ ᠨᠣᠮ ᠤᠨ ᠰᠠᠩ ᠢ ᠨᠡᠭᠡᠭᠡᠯᠲᠠᠢ ᠪᠣᠯᠭᠠᠭᠰᠠᠨ ᠨᠢ ᠰᠤᠷᠤᠭᠴᠢᠳ ᠲᠤ ᠰᠢᠨ᠎ᠡ ᠨᠢᠭᠡᠨ ᠰᠣᠷᠤᠯᠴᠠᠬᠤ ᠤᠷᠴᠢᠨ ᠢ ᠬᠠᠩᠬ᠋ᠠᠵᠤ᠂ ᠨᠣᠮ ᠪᠢᠴᠢᠭ᠌ ᠲᠠᠢ ᠪᠡᠨ ᠨᠦᠭᠦᠷᠯᠡᠬᠦ ᠴᠠᠭ ᠢ  ᠨᠢ ᠤᠷᠳᠤᠳᠬᠠᠭᠰᠠᠨ ᠪᠠᠶᠢᠨ᠎ᠠ》ᠬᠡᠵᠤ ᠶᠠᠷᠢᠪᠠ᠃

    7 ᠰᠠᠷ᠎ᠠ ᠶᠢᠨ 15 ᠤ ᠡᠳᠦᠷ᠂ ᠤᠯᠠᠭᠠᠨᠬᠠᠲᠠ ᠬᠣᠲᠠ ᠶᠢᠨ 2016 ᠤᠨ ᠤ ᠦᠨᠳᠤᠷ ᠵᠡᠷᠭᠡ ᠶᠢᠨ ᠳᠤᠮᠳᠠᠳᠤ ᠰᠣᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠶᠢᠨ ᠬᠣᠪᠢ ᠴᠤ ᠨᠠᠶᠢᠳᠠᠯᠡᠭᠳᠡᠯ᠎ᠡ᠃ ᠤᠶᠢᠯᠠᠭᠠᠭᠰᠠᠨ ᠢᠶᠡᠷ᠂ ᠲᠤᠰ ᠰᠣᠷᠭᠠᠭᠤᠯᠢ ᠶᠢᠨ ᠰᠢᠯᠭᠠᠯᠲᠠ ᠳᠤ ᠤᠷᠤᠯᠴᠠᠭᠰᠠᠨ 48 ᠰᠣᠷᠤᠭᠴᠢ ᠶᠢᠨ 1 ᠰᠤᠷᠤᠬᠴᠢ 1000 ᠬᠤᠪᠢ ᠵᠢ ᠳᠠᠪᠠᠵᠤ᠂ 3 ᠰᠤᠷᠤᠬᠴᠢ 900 ᠬᠣᠪᠢ ᠶᠢ ᠳᠠᠪᠠᠨ᠂ 7  ᠰᠤᠷᠤᠬᠴᠢ 800 ᠬᠣᠪᠢ ᠵᠢ ᠳᠠᠪᠠᠭᠰᠠᠨ ᠪᠠᠶᠠᠷ ᠤᠨ ᠴᠢᠮᠡᠭᠡ ᠶᠢ ᠪᠠᠬᠰᠢ ᠨᠠᠷ ᠪᠤᠯᠤᠨ ᠭᠡᠷ ᠤᠨ ᠠᠬᠠᠮᠠᠳ ᠲᠠᠭᠠᠨ ᠳᠤᠭᠤᠯᠭᠠᠵᠦ ᠪᠠᠶᠢᠯ᠎ᠠ᠃

    ᠣᠯᠠᠭᠠᠨᠬᠠᠳᠠ ᠳ᠋ᠡᠬᠢ ᠮᠣᠩᠭᠣᠯ ᠦᠨᠳᠤᠰᠤᠲᠡᠨ ᠤ ᠳᠤᠮᠳᠡᠲᠤ ᠰᠣᠷᠭᠠᠭᠤᠯᠢ ᠨᠢ 1946 ᠣᠨ ᠳᠤ ᠪᠠᠶᠢᠭᠤᠯᠤᠭᠳᠠᠭᠰᠠᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠥᠪᠦᠷ ᠮᠣᠩᠭᠣᠯ ᠳᠤ ᠪᠠᠶᠢᠭᠤᠯᠤᠭᠰᠠᠨ ᠬᠠᠮᠤᠭ ᠡᠷᠲᠡᠨ ᠤ ᠦᠨᠳᠤᠰᠤᠲᠠᠨ ᠤ ᠰᠣᠷᠭᠠᠭᠤᠯᠢ ᠪᠣᠯᠤᠨ᠎ᠠ᠃ ᠲᠡᠷᠡ ᠨᠢ 《ᠪᠦᠬᠦ ᠤᠯᠤᠰ ᠤᠨ ᠦᠨᠳᠤᠰᠤᠲᠠᠨ ᠤ ᠰᠤᠷᠭᠠᠨ ᠬᠦᠮᠦᠵᠢᠯ ᠤᠨ ᠲᠡᠷᠢᠭᠦᠨ ᠤ ᠨᠢᠬᠡᠴᠡ》᠂《ᠪᠦᠬᠦ ᠤᠷᠤᠨ ᠤ ᠦᠨᠳᠤᠰᠤᠲᠠᠨ ᠤ ᠪᠦᠯᠬᠦᠮᠳᠡᠯ ᠳᠠᠪᠰᠢᠯᠲᠠ ᠶᠢᠨ ᠵᠢᠱᠢᠶᠠᠴᠢ ᠨᠢᠭᠡᠴᠡ》᠂ ᠥᠪᠦᠷ ᠮᠣᠩᠭᠣᠯ ᠤᠨ ᠤᠷᠤᠨ ᠤ ᠳᠡᠰ ᠤᠨ 《ᠵᠢᠱᠢᠶ᠎ᠡ ᠦᠵᠡᠭᠦᠯᠬᠦ ᠡᠩ ᠤᠨ ᠳᠡᠭᠡᠳᠤ ᠳᠤᠮᠳᠠᠳᠤ ᠰᠣᠷᠭᠠᠭᠤᠯᠢ》᠂ ᠥᠪᠦᠷ ᠮᠣᠩᠭᠣᠯ ᠤᠨ ᠰᠤᠷᠭᠠᠨ ᠬᠦᠮᠦᠵᠢᠯ ᠤᠨ ᠲᠢᠩᠬᠢᠮ   ᠤᠨ《 ᠭᠤᠷᠪᠠᠨ ᠬᠡᠯᠡᠨ ᠤ ᠲᠤᠷᠰᠢᠯᠲᠠ ᠶᠢᠨ ᠠᠩᠬᠢ ᠶᠢᠨ ᠬᠠᠮᠤᠬ ᠠᠩᠬᠠᠨ ᠤ ᠲᠤᠷᠰᠢᠯᠲᠠ ᠶᠢᠨ ᠴᠡᠭ ᠰᠣᠷᠭᠠᠭᠤᠯᠢ》ᠵᠡᠷᠭᠡ ᠪᠡᠷ ᠴᠤᠯᠯᠠᠭᠳᠠᠵᠤ ᠤᠳᠤ ᠪᠣᠯᠲᠠᠯ᠎ᠠ ᠨᠠᠶᠢᠲᠠ 27000 ᠭᠠᠷᠤᠢ ᠰᠣᠷᠤᠭᠴᠢ ᠲᠡᠭᠦᠰᠭᠡᠵᠤ ᠪᠣᠢ᠃ 62000 ᠺᠦᠧᠠᠳ᠋ ᠮᠧᠲ᠋ᠷ ᠲᠡᠨᠢᠬᠦᠨ ᠲᠣᠬᠢᠯᠢᠭ ᠰᠣᠷᠭᠠᠭᠤᠯᠢ ᠶᠢᠨ ᠬᠦᠷᠢᠶ᠎ᠠ ᠲᠠᠢ᠂  ᠪᠦᠷᠢᠨ ᠲᠦᠬᠦᠷ ᠣᠳᠤᠬᠢᠴᠢᠯᠠᠭᠰᠠᠨ ᠤᠶᠤᠯᠢᠭ ᠲᠤᠨᠤᠭ ᠲᠦᠭᠦᠭᠡᠷᠦᠮᠵᠢ ᠲᠠᠢ᠂ 292 ᠰᠢᠯᠢᠳᠡᠭ ᠪᠠᠭᠰᠢ ᠠᠵᠢᠯᠲᠠᠨ ᠲᠠᠢ ᠲᠤᠰ ᠰᠤᠷᠭᠠᠭᠤᠯᠢ ᠨᠢ ᠥᠨᠦ ᠵᠢᠯ ᠶᠠᠭ 70 ᠨᠠᠰᠤᠨ ᠤ ᠤᠢ ᠪᠡᠨ ᠤᠭᠲᠤᠵᠤ᠂ ᠬᠦᠮᠦᠨ ᠬᠦᠮᠦᠵᠢᠭᠦᠯᠬᠦ ᠬᠠᠲᠠᠭᠤ ᠡᠭᠦᠷᠭᠡ ᠪᠡᠨ ᠰᠢᠮᠳᠠᠨ ᠪᠡᠶᠡᠯᠡᠭᠦᠯᠵᠦ ᠰᠢᠨ᠎ᠡ ᠮᠠᠶ᠍᠋ᠢᠭ ᠤᠨ ᠦᠨᠳᠤᠰᠤᠲᠠᠨ ᠤ ᠰᠣᠷᠭᠠᠭᠤᠯᠢ ᠪᠣᠯᠬᠤ ᠪᠡᠷ ᠴᠢᠷᠮᠠᠶᠢᠵᠤ ᠪᠣᠢ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119230312