蒙古文网站Logo
ᠰᠢᠨᠬᠤᠸᠠ ᠮᠤᠩᠭ᠋ᠤᠯ ᠨᠧᠲ

4 ᠨᠠᠰᠤᠲᠠᠢ ᠦᠬᠢᠨ ᠡᠳᠦᠷ ᠲᠦ 15 ᠺᠢᠯᠦᠮᠧᠲ᠋ᠷ ᠵᠠᠮᠨᠠᠵᠤ᠂ ᠬᠠᠲᠠᠭᠤ ᠰᠤᠷᠭᠠᠭᠤᠯᠢᠯ ᠬᠦᠷᠳᠡᠵᠦ ᠪᠤᠢ

2016-08-02 12:09

    ᠵᠢᠶᠠᠩᠰᠢ ᠶᠢᠨ 4 ᠨᠠᠰᠤᠲᠠᠢ ᠦᠬᠢᠨ ᠸᠧᠨ ᠸᠧᠨ ᠠᠪᠤ ᠡᠵᠢ ᠪᠡᠨ ᠳᠠᠭᠠᠨ ᠰᠧᠴᠤᠧᠠᠨ ᠡᠴᠡ ᠯᠾᠠᠰᠠ ᠬᠦᠷᠬᠦ ᠵᠠᠰᠠᠮᠠᠯ ᠵᠠᠮ ᠢᠶᠡᠷ ᠶᠠᠪᠠᠭᠠᠨ ᠠᠶᠠᠯᠠᠬᠤ ᠠᠶᠠᠨ ᠶᠢᠡᠨ ᠦᠷᠭᠦᠯᠵᠢᠯᠡᠬᠦᠯᠵᠤ ᠪᠤᠢ᠃ ᠸᠧᠨ ᠸᠧᠨ ᠪᠠᠭ᠎ᠠ ᠡᠴᠡ ᠪᠡᠨ ᠠᠪᠤ ᠡᠵᠢ ᠲᠠᠢ ᠪᠠᠨ ᠶᠠᠪᠠᠭᠠᠨ ᠠᠶᠠᠯᠠᠳᠠᠭ᠂ ᠵᠢᠯ ᠪᠤᠯᠭᠠᠨ ᠤ ᠵᠢᠷᠭᠤᠭ᠎ᠠ ᠳᠤᠯᠤᠭᠠᠨ ᠰᠠᠷ᠎ᠠ ᠳ᠋ᠦ ᠪᠦᠷ ᠭᠠᠳᠠᠨ᠎ᠠ ᠠᠶᠠᠯᠠᠵᠤ ᠪᠠᠶᠢᠳᠠᠭ᠃ ᠸᠧᠨ ᠸᠧᠨ  ᠤ ᠠᠪᠤ ᠡᠵᠢ ᠨᠢ ᠦᠬᠢᠨ ᠶᠢᠡᠨ ᠴᠡᠴᠡᠷᠯᠢᠭ᠌ ᠲᠤ ᠤᠷᠤᠭᠤᠯᠬᠤ ᠦᠭᠡᠢ ᠰᠠᠨᠠᠭ᠎ᠠ ᠲᠠᠢ᠂ ᠰᠤᠷᠭᠠᠭᠤᠯᠢ ᠳᠦ ᠤᠷᠤᠬᠤ ᠡᠴᠡ ᠨᠢ ᠡᠮᠦᠨ᠎ᠡ ᠦᠷᠭᠦᠯᠵᠢᠯᠡᠨ《ᠠᠶᠠᠯᠠᠨ᠎ᠠ》ᠭᠡᠵᠤ ᠪᠠᠶᠢᠯ᠎ᠠ᠃

    ᠰᠤᠷᠪᠤᠯᠵᠢᠯᠠᠭᠴᠢ ᠰᠡᠭᠦᠯᠴᠢ ᠶᠢᠨ ᠦᠶ᠎ᠡ ᠳᠦ ᠸᠧᠨ ᠸᠧᠨ  ᠤ ᠠᠪᠤ ᠲᠠᠢ ᠨᠢ ᠬᠠᠷᠢᠯᠴᠠᠬᠤ ᠳᠤ᠂ ᠲᠠᠷᠠ ᠶᠠᠭ ᠦᠬᠢᠨ ᠶᠢᠡᠨ ᠳᠠᠭᠠᠭᠤᠯᠤᠨ ᠲᠦᠪᠡᠳ ᠤᠨ ᠤᠢ ᠬᠦᠪᠴᠢ ᠪᠡᠷ ᠶᠠᠪᠠᠭᠠᠨ ᠠᠶᠠᠯᠠᠵᠤ ᠪᠠᠶᠢᠯ᠎ᠠ᠃ 《ᠸᠧᠨ ᠸᠧᠨ ᠨᠢᠭᠡᠨᠳᠡ 4700 ᠮᠧᠲ᠋ᠷ ᠭᠠᠷᠤᠢ ᠦᠨᠳᠦᠷᠯᠢᠭ ᠤᠨ ᠨᠦᠯᠦᠭᠡ ᠶᠢ ᠲᠡᠪᠴᠢᠵᠤ ᠴᠢᠳᠠᠭᠰᠠᠨ᠂ ᠳᠤᠮᠳᠠᠴᠢ ᠪᠡᠷ ᠡᠳᠦᠷ ᠲᠦ 15 ᠡᠴᠡ 18 ᠺᠢᠯᠦᠮᠧᠲ᠋ᠷ ᠠᠯᠬᠤᠨ᠎ᠠ᠂ ᠢᠯᠡᠷᠡᠯ ᠨᠢ ᠶᠡᠬᠡ ᠵᠦᠭᠡᠷ ᠪᠠᠶᠢᠨ᠎ᠠ᠂ ᠰᠧᠴᠤᠧᠠᠨ ᠡᠴᠡ ᠯᠾᠠᠰᠠ ᠬᠦᠷᠬᠦ ᠵᠠᠰᠠᠮᠠᠯ ᠵᠠᠮ ᠢ ᠶᠠᠪᠠᠭᠠᠨ ᠲᠤᠭᠤᠯᠬᠤ ᠨᠢ ᠸᠧᠨ ᠸᠧᠨ  ᠳᠦ ᠨᠦᠯᠦᠭᠡ ᠶᠡᠬᠡᠲᠡᠢ᠂ ᠠᠮᠤ ᠬᠦᠨᠡᠰᠤ ᠶᠢᠨ ᠲᠤᠳᠠᠮᠠᠭ ᠡᠴᠡ ᠪᠤᠯᠵᠤ᠂ ᠦᠬᠢᠨ ᠮᠢᠨᠢ ᠠᠮᠤ ᠬᠦᠨᠡᠰᠦ ᠶᠢᠨ ᠬᠤᠪᠤᠷ ᠨᠠᠨᠳᠢᠨ ᠢ ᠤᠶᠢᠯᠠᠭᠠᠭᠰᠠᠨ᠂ ᠦᠨᠳᠦᠷᠯᠢᠭ᠌ ᠭᠠᠵᠠᠷ ᠬᠤᠨᠤᠭᠯᠠᠬᠤ ᠦᠶᠡᠰ᠂ ᠬᠦᠨᠵᠢᠯᠠ ᠤᠯᠵᠤ ᠬᠤᠴᠢᠬᠤ ᠨᠢ ᠬᠡᠳᠦᠢ ᠵᠢᠷᠭᠠᠯ ᠲᠠᠢ ᠪᠠᠶᠢᠳᠠᠭ ᠢ ᠮᠡᠳᠡᠷᠡᠵᠤ ᠪᠠᠶᠢᠭᠰᠠᠨ᠃ ᠦᠬᠢᠨ ᠮᠢᠨᠢ ᠲᠦᠷᠪᠡᠬᠡᠨ ᠨᠠᠰᠤᠲᠠᠢ ᠴᠤ ᠠᠪᠤ ᠡᠵᠢ ᠪᠡᠨ ᠳᠠᠭᠠᠵᠤ ᠤᠯᠠᠨ ᠭᠠᠵᠠᠷ ᠤᠳ ᠶᠢᠡᠷ ᠶᠠᠪᠤᠭᠰᠠᠨ》 ᠬᠡᠵᠤ ᠶᠠᠷᠢᠯ᠎ᠠ᠃

    《ᠡᠶᠢᠮᠦᠷᠬᠦᠤ ᠦᠰᠦᠨ ᠪᠤᠶᠢᠵᠢᠯᠲᠠ ᠶᠢᠨ ᠲᠤᠷᠰᠢᠯᠭ᠎ᠠ ᠶᠢ ᠬᠢᠴᠢᠶᠡᠯ ᠤᠨ ᠲᠢᠩᠬᠢᠮ ᠡᠴᠡ ᠮᠡᠳᠡᠷᠡᠵᠤ ᠴᠢᠳᠠᠳᠠᠭ ᠦᠭᠡᠢ ᠶᠤᠮ᠂ ᠤᠳᠤ ᠬᠤᠲᠠ ᠶᠢᠨ ᠬᠡᠤᠬᠡᠳ ᠤᠳ ᠳᠡᠩᠳᠡᠭᠦᠤ ᠪᠠᠶ᠎ᠠ ᠠᠮᠤᠷ ᠪᠠᠶᠢᠵᠤ᠂ ᠪᠠᠭ᠎ᠠ ᠰᠠᠭ᠎ᠠ ᠬᠠᠯᠠ ᠵᠤᠪᠠᠯᠨᠩ ᠦᠵᠡᠪᠡᠯ ᠰᠠᠶ᠊ᠶ ᠲᠡᠰᠪᠦᠷᠢ ᠲᠡᠪᠴᠢᠶᠡᠷᠢ ᠲᠠᠢ᠂ ᠠᠵᠢᠯᠴᠢ ᠠᠷᠪᠢᠴᠢ ᠪᠤᠯᠵᠦ ᠴᠢᠳᠠᠨ᠎ᠠ᠃ ᠪᠢ ᠬᠡᠤᠬᠡᠳ ᠤᠨ ᠶᠢᠡᠨ ᠪᠠᠶ᠎ᠠ ᠰᠡᠳᠬᠢᠴᠡ ᠶᠢᠨ ᠡᠷᠡᠭᠦᠯ ᠡᠩᠬᠡ ᠪᠠᠶᠢᠬᠤ ᠶᠢ ᠢᠯᠡᠭᠦᠤ ᠴᠢᠬᠤᠯᠠᠴᠢᠯᠠᠳᠠᠭ᠂ ᠪᠠᠭ᠎ᠠ ᠡᠴᠡ ᠨᠢ ᠪᠡᠶ᠎ᠡ ᠪᠡᠨ ᠳᠠᠭᠠᠭᠠᠨ ᠴᠢᠷᠮᠠᠶᠢᠬᠤ ᠵᠤᠷᠢᠭ ᠰᠠᠨᠠᠭ᠎ᠠ ᠶᠢ ᠨᠢ ᠬᠦᠮᠦᠵᠢᠭᠦᠯᠳᠡᠭ》ᠭᠡᠵᠤ ᠸᠧᠨ ᠸᠧᠨ  ᠤ ᠠᠪᠤ  ᠨᠢ ᠰᠡᠳᠬᠢᠯ ᠪᠠᠬᠠᠳᠤᠨ ᠶᠠᠷᠢᠪᠠ᠃

    ᠰᠤᠷᠪᠤᠯᠵᠢᠯᠠᠭ᠎ᠠ  ᠶᠢ ᠬᠦᠯᠢᠶᠡᠭᠰᠡᠨ ᠬᠡᠳᠦᠨ ᠭᠡᠷ ᠤᠨ ᠠᠬᠠᠮᠠᠳ ᠸᠸᠨ ᠸᠸᠨ ᠤ ᠠᠪᠤ ᠡᠵᠢ ᠶᠢᠨ ᠬᠢᠳᠡᠯ ᠢ ᠤᠶᠢᠯᠠᠭᠠᠬᠤ ᠦᠭᠡᠢ ᠪᠠᠶᠢᠬᠤ ᠪᠡᠨ ᠢᠯᠡᠷᠬᠡᠶᠢᠯᠡᠪᠡ᠂ ᠲᠡᠳᠡᠨ ᠤ ᠦᠵᠡᠬᠦ ᠪᠡᠷ ᠡᠶᠢᠮᠦᠷᠬᠦᠤ ᠬᠢᠳᠡᠯ ᠨᠢ ᠳᠡᠩᠳᠡᠭᠦᠤ ᠲᠦᠢᠯᠰᠢᠷᠠᠮᠠᠯ᠂ 《ᠲᠤᠮᠤ ᠬᠦᠮᠦᠰ ᠦᠪᠡᠷ ᠤᠨ ᠠᠮᠢᠳᠤᠷᠠᠯ ᠤᠨ ᠠᠷᠭ᠎ᠠ ᠮᠠᠶ᠊ᠢᠭ ᠲᠦ ᠪᠡᠨ ᠳᠠᠰᠴᠤ᠂ ᠬᠡᠤᠬᠡᠳ ᠡᠴᠡ ᠪᠤᠯᠵᠤ ᠲᠡᠭᠦᠨ ᠢᠶᠡᠨ ᠬᠤᠪᠢᠷᠠᠭᠤᠯᠬᠤ ᠲᠤᠷ᠎ᠠ ᠦᠭᠡᠢ᠂ ᠡᠶᠢᠮᠦ ᠡᠴᠡ ᠬᠡᠤᠬᠡᠳ ᠶᠢᠡᠨ ᠦᠪᠡᠷ ᠤᠨ ᠠᠮᠢᠳᠤᠷᠠᠯ ᠵᠦᠭ ᠢᠶᠡᠨ ᠳᠠᠭᠠᠭᠤᠯᠵᠤ ᠪᠤᠢ》 ᠭᠡᠵᠤ ᠵᠠᠷᠢᠮ ᠭᠡᠷ ᠤᠨ ᠠᠬᠠᠮᠠᠳ ᠬᠡᠯᠡᠪᠡ᠃ ᠢᠩᠭᠢᠵᠤ ᠶᠠᠪᠠᠭᠠᠨ ᠠᠶᠠᠯᠠᠬᠤ ᠨᠢ ᠬᠡᠤᠬᠡᠳ ᠤᠨ ᠪᠠᠶ᠎ᠠ ᠳᠦ ᠪᠡᠷᠲᠡᠯ ᠪᠤᠯᠤᠨ᠎ᠠ ᠭᠡᠵᠦ ᠵᠠᠷᠢᠮ ᠬᠦᠳᠡᠯᠭᠡᠭᠡᠨ ᠤ ᠠᠨᠠᠭᠠᠬᠤ ᠤᠬᠠᠭᠠᠨ ᠤ ᠮᠡᠷᠭᠡᠵᠢᠯᠲᠡᠨ ᠰᠠᠨᠠᠭᠤᠯᠵᠦ ᠪᠤᠢ᠃

    ᠵᠢᠶᠠᠩᠰᠢ ᠮᠤᠵᠢ ᠶᠢᠨ ᠠᠷᠠᠳ ᠤᠨ ᠡᠮᠨᠡᠯᠭᠡ ᠶᠢᠨ ᠬᠦᠳᠡᠯᠭᠡᠭᠡᠨ ᠤ ᠠᠨᠠᠭᠠᠬᠤ ᠤᠬᠠᠭᠠᠨ ᠤ ᠰᠠᠯᠠᠭᠠᠨ ᠤ ᠳᠡᠳ᠋ ᠡᠷᠬᠢᠯᠡᠭᠴᠢ ᠯᠢ ᠬᠤᠩ ᠪᠦᠸᠸ᠂ ᠬᠡᠤᠬᠡᠳ ᠤᠨ ᠪᠠᠶ᠎ᠠ ᠶᠢᠨ ᠲᠠᠷ ᠲᠤᠮᠤ ᠬᠦᠮᠦᠰ ᠲᠠᠢ ᠠᠳᠠᠯᠢ ᠦᠭᠡᠢ᠂ ᠡᠴᠢᠬᠡ ᠡᠬᠡ ᠪᠤᠯᠤᠭᠰᠠᠳ ᠦᠷ᠎ᠡ ᠬᠡᠤᠬᠡᠳ ᠤᠨ ᠶᠢᠡᠨ ᠪᠤᠯᠪᠠᠰᠤᠷᠠᠯ ᠤᠨ ᠠᠷᠭ᠎ᠠ ᠶᠢ ᠴᠢᠬᠤᠯᠠᠴᠢᠯᠠᠬᠤ ᠬᠡᠷᠡᠭᠲᠡᠢ᠂ ᠬᠡᠷᠪᠡ ᠳᠡᠩᠳᠡᠭᠦᠦ ᠬᠦᠨᠳᠤᠴᠡ ᠲᠠᠢ ᠬᠦᠳᠡᠯᠭᠡᠭᠡᠨ ᠳᠦ ᠤᠷᠤᠯᠴᠠᠭᠤᠯᠪᠠᠯ ᠬᠡᠤᠬᠡᠳ ᠲᠦ ᠳᠠᠷᠤᠭᠠᠰᠤ ᠪᠤᠯᠵᠦ᠂ ᠴᠢᠨᠠᠭᠰᠢᠯᠠᠨ ᠬᠡᠤᠬᠡᠳ ᠤᠨ ᠠᠷᠤᠭ ᠶᠠᠰᠤ ᠨᠢ ᠭᠡᠮᠲᠦᠬᠦ ᠠᠶᠤᠯ ᠲᠠᠢ》ᠬᠡᠵᠡᠢ᠃

    ᠴᠡᠴᠡᠷᠯᠢᠭ᠌ ᠤᠨ ᠰᠤᠷᠭᠠᠨ ᠬᠦᠮᠦᠵᠢᠯ ᠤᠨ ᠬᠠᠮᠤᠭ ᠤᠨ ᠲᠤᠪᠤᠶᠢᠭᠰᠠᠨ ᠤᠨᠴᠠᠯᠢᠭ ᠪᠤᠯ ᠬᠡᠤᠬᠡᠳ ᠢ ᠰᠢᠯᠢᠳᠡᠭ ᠰᠠᠶᠢᠨ ᠵᠡᠩ ᠳᠠᠳᠬᠠᠯ ᠲᠠᠢ ᠪᠤᠯᠭᠠᠨ ᠬᠦᠮᠦᠵᠢᠭᠦᠯᠵᠤ᠂ ᠪᠤᠰᠤᠳ ᠬᠠᠮᠲᠤ ᠰᠤᠷᠤᠭᠴᠢᠳ ᠲᠠᠢ ᠬᠠᠷᠢᠯᠴᠠᠵᠤ᠂ ᠬᠦᠮᠦᠰ ᠲᠠᠢ ᠬᠠᠷᠢᠯᠴᠠᠬᠤ ᠴᠢᠳᠠᠪᠤᠷᠢ ᠶᠢ ᠳᠡᠭᠡᠭ᠍ᠰᠢᠯᠡᠭᠦᠯᠬᠦ ᠳᠦ ᠪᠠᠶᠢᠳᠠᠭ᠃ ᠰᠤᠷᠭᠠᠨ ᠬᠦᠮᠦᠵᠢᠯ ᠤᠨ ᠮᠡᠷᠭᠡᠵᠢᠯᠲᠡᠳ᠂ ᠭᠡᠷ ᠪᠦᠯᠢ ᠶᠢᠨ ᠰᠤᠷᠭᠠᠨ ᠬᠦᠮᠦᠵᠢᠯ ᠳᠤᠮᠳᠠ᠂ ᠭᠡᠷ ᠤᠨ ᠠᠬᠠᠮᠠᠳ ᠬᠡᠤᠬᠡᠳ ᠲᠤ ᠪᠡᠨ ᠠᠮᠢᠳᠤᠷᠠᠯ ᠳᠤᠮᠳᠠ ᠲᠤᠬᠢᠶᠠᠯᠳᠤᠬᠤ ᠨᠤᠭᠤᠷᠠᠯ ᠪᠦᠳᠦᠷᠢᠯ ᠳᠦ ᠪᠡᠯᠡᠳᠭᠡᠯ ᠬᠢᠬᠦ ᠶᠢ ᠵᠢᠭᠠᠵᠤ᠂ ᠨᠦᠭᠦᠭᠡ ᠲᠠᠯ᠎ᠠ ᠪᠡᠷ ᠬᠡᠤᠬᠡᠳ ᠤᠨ ᠪᠠᠶ᠎ᠠ ᠪᠡᠨ ᠳᠠᠭᠠᠭᠠᠬᠤ ᠴᠢᠳᠠᠪᠤᠷᠢ ᠪᠠ ᠵᠤᠷᠢᠭ ᠰᠠᠨᠠᠭ᠎ᠠ ᠶᠢ ᠨᠢ ᠬᠦᠮᠦᠵᠢᠭᠦᠯᠵᠤ᠂ ᠨᠠᠩ ᠠᠷᠪᠢᠨ ᠪᠤᠯᠪᠠᠰᠤᠷᠠᠬᠤ ᠵᠠᠪᠰᠢᠶᠠᠨ ᠤᠯᠭᠤᠨ᠎ᠠ᠂ ᠬᠠᠷᠢᠨ ᠬᠡᠤᠬᠡᠳ ᠤᠨ ᠪᠦᠬᠦᠶᠢᠯᠡ ᠬᠦᠰᠡᠯᠲᠠ ᠬᠡᠷᠡᠭᠴᠡᠭᠡ ᠶᠢ ᠬᠦᠩᠭᠡᠨ ᠶᠢᠡᠷ ᠬᠠᠩᠭ᠋ᠠᠬᠤ ᠠᠮᠢᠳᠤᠷᠠᠯ ᠤᠨ ᠤᠷᠴᠢᠨ ᠢ ᠪᠦᠷᠢᠯᠳᠦᠭᠦᠯᠬᠦ ᠶᠠᠪᠤᠳᠠᠯ ᠪᠢᠰᠢ ᠬᠡᠵᠤ ᠰᠠᠨᠠᠭᠤᠯᠵᠤ ᠪᠤᠢ᠃ (ᠤᠷᠴᠢᠭᠤᠯᠤᠭᠰᠠᠨ ᠨᠢ ᠳᠠᠳᠤᠯᠭ᠎ᠠ ᠶᠢᠨ ᠰᠤᠷᠤᠭᠴᠢ ᠬᠡᠤᠬᠡᠨᠰᠤᠯᠢ)

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119322364