蒙古文网站Logo
ᠰᠢᠨᠬᠤᠸᠠ ᠮᠤᠩᠭ᠋ᠤᠯ ᠨᠧᠲ

ᠬᠡᠤᠬᠡᠳ ᠲᠤ ᠺᠢᠨᠤ᠋ ᠦᠵᠡᠭᠦᠯᠬᠦ  ᠢᠢᠨ ᠲᠠᠭᠠᠤ ᠺᠢᠨᠤ᠋ ᠵᠢᠷᠤᠬᠯᠠᠬᠤ ᠢᠢ ᠰᠤᠷᠭᠠᠵᠦ ᠪᠤᠯᠤᠨ᠎ᠠ

2016-08-11 17:15

    ᠠᠩᠭ᠍ᠯᠢ ᠶᠢᠨ The Guardianᠰᠤᠨᠢᠨ ᠤ 8 ᠰᠠᠷ᠎ᠠ ᠶᠢᠨ 2 ᠤᠨ ᠡᠳᠦᠷ ᠤᠨ ᠮᠡᠳᠡᠭᠡᠯᠡᠭᠰᠡᠨ ᠢᠶᠡᠷ᠂ ᠠᠩᠭ᠍ᠯᠢ ᠶᠢᠨ Anson Primary ᠪᠠᠭ᠎ᠠ ᠰᠤᠷᠭᠠᠭᠤᠯᠢ ᠶᠢᠨ ᠠᠰᠰᠢᠰᠲ᠋ᠸᠨ᠋ᠲ ᠪᠠᠭᠰᠠᠢ Simon Pile ᠺᠢᠨᠤ᠋ ᠶᠢᠨ ᠨᠠᠶᠢᠭᠡᠮᠯᠢᠭ᠌ ᠪᠠᠶᠢᠭᠤᠯᠵᠤ᠂ ᠬᠡᠤᠬᠡᠳ ᠲᠤ ᠺᠢᠨᠤ᠋ ᠦᠵᠡᠬᠦ ᠶᠢ ᠵᠢᠭᠠᠪᠠ᠃ ᠲᠤᠰ ᠨᠠᠶᠢᠭᠡᠮᠯᠢᠭ᠌ ᠨᠢ ᠠᠩᠬ᠎ᠠ ᠪᠠᠶᠢᠭᠤᠯᠤᠭᠳᠠᠬᠤ ᠦᠶᠡᠰ ᠵᠦᠪᠬᠡᠨ 16 ᠬᠡᠤᠬᠡᠳ ᠲᠠᠢ ᠪᠠᠶᠢᠭᠰᠠᠨ ᠢᠶᠡᠨ ᠳᠤᠯᠤᠭ᠋ᠬᠠᠨ ᠵᠢᠯ ᠤᠨ ᠳᠠᠷᠠᠭ᠎ᠠ 100 ᠭᠠᠷᠤᠢ ᠨᠠᠶᠢᠭᠡᠮᠯᠢᠭ᠌ ᠤᠨ ᠭᠡᠰᠢᠭᠦᠨ ᠲᠠᠢ ᠪᠤᠯᠵᠠᠢ᠃

    Simon Pile ᠲᠠᠶᠢᠯᠪᠤᠷᠢᠯᠠᠭᠰᠠᠨ ᠢᠶᠡᠷ᠄ ᠮᠠᠨ ᠤ ᠰᠤᠷᠭᠠᠭᠤᠯᠢ ᠶᠢᠨ 30% ᠶ᠋ᠢᠨ ᠰᠤᠷᠤᠭᠴᠢ ᠨᠢ ᠶᠠᠳᠠᠭᠤ ᠬᠦᠴᠢᠷᠳᠡᠯ ᠲᠠᠢ ᠭᠡᠷ ᠪᠦᠯᠢ ᠡᠴᠡ ᠢᠷᠡᠪᠠ᠂ ᠪᠠᠰᠠ ᠲᠤᠩ ᠠᠷᠪᠢᠨ ᠵᠡᠮᠳᠡᠭ ᠬᠡᠤᠬᠡᠳ ᠪᠤᠢ᠂ ᠲᠡᠳᠡᠨᠦᠰ ᠺᠢᠨᠤ᠋ ᠶᠢᠨ ᠤᠷᠳᠤᠨ ᠳ᠋᠋ᠦ ᠤᠴᠢᠵᠤ ᠺᠢᠨᠤ᠋ ᠦᠵᠡᠬᠦ ᠪᠤᠯᠤᠮᠵᠢ ᠪᠠᠭ᠎ᠠ᠃ ᠺᠢᠨᠤ᠋ ᠶᠢᠨ ᠨᠠᠶᠢᠭᠡᠮᠯᠢᠭ᠌  ᠬᠡᠤᠬᠡᠳ ᠲᠤ ᠺᠢᠨᠤ᠋ ᠦᠵᠡᠬᠦ ᠲᠤᠬᠢᠶᠠᠯ ᠬᠠᠩᠭ᠋ᠠᠬᠤ ᠪᠡᠷ ᠪᠠᠷᠠᠬᠤ ᠦᠭᠡᠢ᠂ ᠨᠡᠩ ᠴᠢᠬᠤᠯᠠ ᠨᠢ ᠺᠢᠨᠤ᠋ ᠶᠢ ᠰᠢᠨᠵᠢᠯᠡᠨ᠎ᠡ᠂ ᠭᠤᠣ᠎ᠠ ᠰᠠᠶᠢᠬᠠᠨ ᠤ ᠲᠠᠭᠠᠰᠢᠶᠠᠯ ᠤᠨ ᠲᠠᠯ᠎ᠠ ᠡᠴᠡ ᠰᠢᠨᠵᠢᠨ᠎ᠡ᠃ ᠬᠡᠤᠬᠡᠳ ᠤᠳ ᠺᠢᠨᠤ᠋ ᠪᠡᠨ ᠦᠵᠡᠵᠤ ᠪᠠᠷᠠᠭᠰᠠᠨ ᠤ ᠳᠠᠷᠠᠭ᠎ᠠ᠂ ᠲᠤᠰ ᠺᠢᠨᠤ᠋ ᠳᠤ ᠲᠤᠷᠠᠲᠠᠢ ᠲᠠᠢ ᠡᠰᠡᠬᠦ? ᠶᠠᠭᠠᠬᠢᠭᠠᠳ ᠳᠤᠷᠠᠲᠠᠢ ᠪᠠᠶᠢᠬᠤ ᠰᠢᠯᠲᠠᠭᠠᠨ ᠵᠠᠷᠭᠡ ᠪᠡᠨ ᠶᠠᠷᠢᠯᠴᠠᠨ᠎ᠠ᠃ ᠪᠢᠳᠠ ᠪᠠᠰᠠ ᠭᠡᠤᠭᠡᠳ ᠤᠳᠤᠷᠢᠳᠤᠭᠠᠴᠢ ᠵᠢᠨ ᠺᠯᠦ᠋ᠪ ᠪᠠᠶᠢᠭᠤᠯᠵᠤ᠂ ᠬᠡᠤᠬᠡᠳ ᠤᠳ ᠺᠢᠨᠤ᠋ ᠶᠢᠨ ᠳᠤᠮᠳᠠ ᠡᠴᠡ ᠰᠤᠷᠤᠬᠰᠠᠨ ᠮᠡᠷᠭᠡᠵᠢᠯ ᠢᠶᠡᠷ ᠢᠶᠡᠨ ᠦᠪᠡᠷᠰᠡᠳ ᠢᠶᠡᠨ ᠺᠢᠨᠤ᠋ ᠦᠢᠯᠡᠳᠤᠨ᠎ᠠ᠃ ᠨᠢᠭᠡᠨ ᠪᠢᠴᠢᠬᠠᠨ ᠦᠬᠢᠨ ᠦᠪᠡᠷ ᠤᠨ ᠴᠠᠭᠠᠰᠤᠨ ᠬᠠᠶᠢᠴᠢᠯᠠᠮᠠᠯ ᠤᠨ ᠶᠠᠪᠤᠴᠠ ᠪᠡᠨ ᠵᠢᠷᠤᠬᠯᠠᠵᠦ᠂ ᠡᠰᠭᠡᠵᠤ ᠨᠠᠶᠢᠷᠠᠭᠤᠯᠤᠨ ᠺᠠᠷᠲ᠋ᠤᠨ ᠹᠢᠯᠢᠮ ᠪᠤᠯᠭᠠᠪᠠ᠃ ᠸᠢᠳᠢᠤ᠋ ᠨᠢ ᠨᠢᠭᠡ ᠮᠢᠨᠦ᠋ᠲ ᠬᠦᠷᠬᠦ ᠦᠭᠡᠢ ᠤᠬᠤᠷᠬᠠᠨ ᠪᠤᠯᠪᠠᠴᠤ ᠦᠯᠢᠭᠡᠷ ᠶᠠᠷᠢᠬᠤ᠂ ᠵᠢᠷᠤᠭᠯᠠᠬᠤ᠂ ᠡᠰᠭᠡᠵᠤ ᠨᠠᠶᠢᠷᠠᠭᠤᠯᠬᠤ ᠠᠵᠢᠯ ᠢᠶᠡᠨ ᠴᠦᠮ ᠪᠡᠶ᠎ᠡ ᠪᠡᠨ ᠳᠠᠭᠠᠭᠠᠵᠤ ᠪᠠᠶᠠᠯᠡᠭᠦᠯᠪᠡ ᠭᠡᠵᠤ ᠶᠠᠷᠢᠯ᠎ᠠ᠃

ᠢᠷᠡᠯᠳᠡ᠄ ᠫᠧᠩ ᠫᠠᠢ ᠰᠤᠨᠢᠨ ᠮᠡᠳᠡᠭᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119377007