蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ᠄ 2017 ᠤᠨ ᠤ 4 ᠰᠠᠷ᠎ᠠ ᠡᠴᠡ ᠡᠬᠢᠯᠡᠨ ᠦᠪᠡᠷ ᠢᠶᠡᠨ ᠰᠤᠷᠴᠦ ᠰᠢᠯᠭᠠᠭᠤᠯᠬᠤ ᠴᠠᠭ᠌ ᠢ ᠭᠤᠷᠪᠠᠬᠠᠨ ᠪᠤᠯᠭᠠᠬᠤ ᠪᠡᠷ ᠪᠤᠢ

2016-11-03 11:17

    ᠰᠢᠨᠬᠤᠸᠠ ᠮᠤᠩᠭᠤᠯ ᠨᠧᠲ ᠬᠦᠬᠡᠬᠤᠲᠠ ᠶᠢᠨ 11 ᠰᠠᠷ᠎ᠠ ᠶᠢᠨ 3 ᠤ ᠡᠲᠦᠷ ᠤᠨ ᠴᠠᠬᠢᠯᠭᠠᠨ ᠮᠡᠲᠡᠭᠡ ( ᠬ•ᠦᠵᠡᠰᠭᠦᠯᠡᠩ ) ᠰᠡᠭᠦᠯ ᠤᠨ ᠦᠶ᠎ᠠ ᠳ᠋ᠤ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠦᠪᠡᠷ ᠶᠢᠡᠨ ᠰᠤᠷᠴᠦ ᠰᠢᠯᠭᠠᠭᠤᠯᠤᠬᠰᠠᠳ ᠤᠨ ᠲᠤᠭ᠎ᠠ ᠶᠡᠭᠡ ᠪᠡᠷ ᠴᠦᠬᠡᠷᠡᠵᠤ ᠪᠠᠢᠢᠭ᠎ᠠ ᠪᠠᠢᠢᠳᠠᠯ ᠳ᠋ᠤ ᠴᠢᠭᠯᠡᠬᠦᠯᠦᠨ᠂ 2017 ᠤᠨ ᠤ 4 ᠰᠠᠷ᠎ᠠ ᠡᠴᠡ ᠡᠬᠢᠯᠡᠨ ᠰᠢᠯᠭᠠᠭᠤᠯᠬᠤ ᠴᠠᠭ᠌ ᠢ ᠬᠦᠬᠡᠬᠤᠲᠠ᠂ ᠲᠦᠩᠯᠢᠶᠤᠤ᠂ ᠪᠤᠭᠤᠲᠤ ᠭᠤᠷᠪᠠᠬᠠᠨ ᠭᠠᠵᠠᠷ ᠲᠤ ᠲᠤᠬᠢᠷᠠᠭᠤᠯᠤᠨ᠎ᠠ᠂ ᠪᠤᠰᠤᠳ ᠠᠢᠢᠮᠠᠭ ᠬᠤᠲᠠ ᠳ᠋ᠤ ᠲᠤᠬᠢᠷᠠᠭᠤᠯᠬᠤ ᠦᠭᠡᠢ ᠭᠡᠵᠦ ᠲᠤᠬᠲᠠᠵᠠᠢ᠃

    ᠰᠢᠯᠭᠠᠭᠤᠯᠬᠤ ᠴᠠᠭ᠌ ᠲᠤᠬᠢᠷᠠᠭᠤᠯᠤᠭᠰᠠᠨ ᠦᠭᠡᠢ ᠠᠢᠢᠮᠠᠭ ᠬᠤᠲᠠ ᠶᠢᠨ ᠬᠢᠨ ᠦᠪᠡᠷ ᠶᠢᠡᠨ ᠰᠤᠷᠴᠤ ᠰᠢᠯᠭᠠᠭᠤᠯᠤᠬᠰᠠᠳ ᠤᠨ ᠰᠤᠷᠠᠭ ᠵᠠᠩᠬᠢ ᠶᠢ ᠪᠦᠷᠢᠳᠬᠡᠬᠦ᠂ ᠲᠡᠭᠦᠰᠬᠦ ᠵᠢ ᠠᠨᠭᠬ᠎ᠠ ᠬᠢᠨᠠᠬᠤ᠂ ᠰᠢᠯᠭᠠᠯᠲᠠ ᠶᠢᠨ ᠬᠠᠭᠤᠲᠠᠰᠤ ᠲᠠᠷᠬᠠᠭᠠᠬᠤ᠂ ᠦᠨᠡᠮᠯᠡᠯ ᠭᠠᠷᠲᠠᠭᠤᠯᠬᠤ ᠵᠡᠷᠭᠡ ᠠᠵᠢᠯ ᠢ ᠦᠷᠬᠦᠯᠵᠢᠯᠡᠨ ᠬᠠᠷᠢᠭᠤᠴᠠᠵᠤ᠂ ᠰᠢᠯᠭᠠᠯᠲᠠ ᠶᠢᠨ ᠲᠢᠭᠯᠢᠮ ᠲᠠᠢ ᠶᠠᠪᠤᠭᠲᠠᠬᠤ ᠶᠢ ᠪᠠᠲᠤᠯᠠᠨ᠎ᠠ᠃

    ᠡᠭᠦᠨ ᠡᠴᠡ ᠭᠠᠲᠠᠨ᠎ᠠ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠰᠤᠷᠭᠠᠨ ᠬᠦᠮᠦᠵᠢᠯ ᠰᠤᠷᠤᠭᠴᠢ ᠡᠯᠰᠡᠬᠦ ᠰᠢᠯᠭᠠᠯᠲᠠ ᠶᠢᠨ ᠲᠦᠪ ᠡᠴᠡ《2016 ᠤᠨ ᠤ ᠰᠡᠭᠦᠯ ᠤᠨ ᠬᠠᠭᠠᠰ ᠵᠢᠯ ᠤᠨ ᠲᠡᠭᠡᠳᠦ ᠵᠡᠷᠭᠡ ᠶᠢᠨ ᠰᠤᠷᠭᠠᠨ ᠬᠦᠮᠦᠵᠢᠯ ᠤᠨ ᠦᠪᠡᠷ ᠶᠢᠡᠨ ᠰᠤᠷᠴᠦ ᠰᠢᠯᠭᠠᠭᠤᠯᠤᠬᠰᠠᠳ ᠤᠨ ᠲᠡᠭᠦᠰᠬᠦ ᠦᠨᠡᠯᠡᠯᠲᠡ ᠶᠢᠨ ᠠᠵᠢᠯ ᠢ ᠰᠠᠢᠢᠲᠦᠷ ᠬᠢᠬᠦ ᠲᠤᠬᠠᠢ ᠮᠡᠲᠡᠭᠲᠡᠯ》 ᠨᠡᠶᠢᠲᠡᠯᠡᠵᠦ᠂ ᠲᠡᠭᠦᠰᠬᠦ ᠪᠤᠯᠤᠬᠰᠠᠨ ᠰᠤᠷᠤᠬᠴᠢᠳ 11 ᠰᠠᠷ᠎ᠠ ᠶᠢᠨ 15 ᠤ ᠡᠲᠦᠷ ᠤᠨ 9᠄ 00 ᠴᠠᠭ ᠡᠴᠡ 11 ᠰᠠᠷ᠎ᠠ ᠶᠢᠨ 24 ᠤ ᠡᠲᠦᠷ ᠤᠨ 17᠄ 00 ᠴᠠᠭ ᠪᠤᠯᠲᠠᠯ᠎ᠠ ᠲᠡᠭᠦᠰᠬᠦ ᠭᠤᠶᠤᠴᠢᠯᠠᠯ ᠶᠢᠡᠨ ᠢᠨᠲ᠋ᠧᠷᠨ᠋᠋ᠧᠲ ᠶᠢᠡᠷ ᠭᠦᠢᠴᠡᠳᠭᠡᠵᠦ᠂ ᠬᠠᠮᠢᠶ᠎ᠠ ᠪᠦᠬᠦᠢ ᠮᠠᠲ᠋ᠧᠷᠢᠶᠠᠯ ᠶᠢᠡᠨ ᠠᠢᠢᠮᠠᠭ ᠬᠤᠲᠠ ᠶᠢᠨ ᠢᠶᠡᠨ ᠰᠤᠷᠭᠠᠨ ᠬᠦᠮᠦᠵᠢᠯ ᠰᠤᠷᠤᠭᠴᠢ ᠡᠯᠰᠡᠬᠦ ᠰᠢᠯᠭᠠᠯᠲᠠ ᠶᠢᠨ ᠲᠦᠪ ᠲᠤ ᠲᠤᠰᠢᠶᠠᠬᠤ ᠬᠡᠷᠡᠭᠲᠡᠢ ᠭᠡᠵᠡᠢ᠃ ᠳᠡᠯᠭᠡᠷᠡᠩᠭᠦᠢ ᠠᠭᠤᠯᠭ᠎ᠠ ᠵᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠰᠤᠷᠤᠭᠴᠢ ᠡᠯᠰᠡᠬᠦ ᠰᠢᠯᠭᠠᠯᠲᠠ ᠶᠢᠨ ᠰᠤᠷᠠᠭ ᠵᠠᠩᠬᠢ ᠶᠢᠨ ᠠᠯᠪᠠᠨ ᠨᠧᠲ (http://www.nm.zsks.cn/) ᠡᠴᠡ ᠤᠢᠢᠯᠠᠭᠠᠵᠤ ᠪᠤᠯᠤᠨ᠎ᠠ᠃

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119842754