蒙古文网站Logo
ᠰᠢᠨᠬᠤᠸᠠ ᠮᠤᠩᠭ᠋ᠤᠯ ᠨᠧᠲ

ᠵᠸᠨᠭᠵᠸᠤ ᠶᠡᠬᠡ ᠰᠤᠷᠭᠠᠭᠤᠯᠢ ᠶᠢᠨ ᠨᠢᠭᠡ ᠠᠨᠭ᠍ᠭᠢ ᠶᠢᠨ ᠬᠢᠨ ᠪᠦᠭᠦᠨ ᠶᠢᠡᠷ  ᠶᠢᠡᠨ ᠠᠰᠫᠢᠷᠠᠨᠲ᠋ ᠶᠢᠡᠷ ᠡᠯᠰᠡᠭᠳᠡᠵᠡᠢ

2016-11-10 16:46

    ᠰᠢᠨᠬᠤᠸᠠ ᠬᠤᠷᠢᠶ ᠠ   ᠵᠸᠨᠭᠵᠸᠤ ᠶᠢᠨ 11 ᠰᠠᠷ ᠠ ᠶᠢᠨ 3  ᠤ ᠡᠲᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠸᠸᠢ ᠰᠢᠨᠭ᠌ ᠵᠢᠶᠠᠨᠭ᠌ ᠯᠢᠶᠠᠨᠭ᠌) ᠰᠡᠭᠦᠯ ᠤᠨ ᠦᠶ᠎ᠠ ᠳ᠋ᠤ ᠵᠸᠩᠵᠸᠦ ᠶᠡᠬᠡ ᠰᠤᠷᠭᠠᠭᠤᠯᠢ ᠶᠢᠨ 2013 ᠤᠨ ᠤ ᠨᠢᠭᠡ ᠠᠩᠬᠢ ᠶᠢᠨ ᠨᠡᠢᠢᠲᠡ ᠰᠤᠷᠤᠭᠴᠢ ᠠᠰᠫᠢᠷᠠᠨᠲ ᠶᠢᠡᠷ ᠡᠯᠰᠡᠭᠲᠡᠭᠰᠡᠨ ᠮᠡᠲᠡᠭᠡᠯᠡᠯ ᠶᠡᠬᠡ ᠯᠡ ᠭᠠᠵᠠᠷ ᠠᠪᠴᠤ ᠪᠠᠢᠢᠯ᠎ᠠ᠃ ᠰᠤᠷᠭᠠᠭᠤᠯᠢ ᠶᠢᠨ ᠬᠠᠮᠢᠶᠠᠲᠠᠢ ᠬᠠᠷᠢᠭᠤᠴᠠᠯᠭᠠᠲᠡᠨ ᠤ ᠬᠡᠯᠡᠬᠦ ᠪᠡᠷ᠄《ᠰᠤᠳᠤᠨ ᠠᠩ᠍ᠭᠢ ᠶᠢᠨ ᠰᠤᠷᠤᠭᠴᠢᠳ ᠪᠦᠬᠦᠨ ᠶᠢᠡᠷ ᠶᠢᠡᠨ ᠠᠰᠫᠢᠷᠠᠨᠲ ᠶᠢᠡᠷ ᠡᠯᠰᠡᠭᠳᠡᠭᠰᠡᠨ ᠨᠢ ᠭᠠᠢᠢᠬᠠᠮᠠᠷ ᠤᠴᠢᠷ ᠪᠢᠰᠢ》᠃

    ᠵᠸᠨᠭᠵᠸᠤ ᠶᠡᠬᠡ ᠰᠤᠷᠭᠠᠭᠤᠯᠢ ᠶᠢᠨ ᠬᠢᠮᠢ ᠪᠠ ᠮᠤᠯᠸᠺᠦ᠋ᠯ ᠤᠨ ᠢᠨᠵᠸᠨ᠋ᠸᠷᠢᠨᠭ᠌ ᠤᠨ ᠲᠡᠭᠡᠳᠦ ᠰᠤᠷᠭᠠᠭᠤᠯᠢ ᠶᠢᠨ ᠨᠠᠮ ᠤᠨ ᠬᠤᠷᠢᠶᠠᠨ ᠤ ᠱᠦᠵᠢ ᠹᠸᠨᠭ᠌ ᠡᠾᠦ᠋ᠢ ᠶᠢᠨ ᠲᠠᠨᠢᠯᠴᠠᠭᠤᠯᠤᠭᠰᠠᠨ ᠶᠢᠡᠷ ᠲᠤᠰ ᠠᠩᠭᠢ ᠳ᠋ᠤ 30 ᠰᠤᠷᠤᠭᠴᠢ ᠲᠠᠢ᠂ ᠤᠯᠠᠩᠬᠢ ᠰᠤᠷᠤᠭᠴᠢ《985 ᠶᠡᠬᠡ ᠳᠡᠭᠡᠳᠤ ᠰᠤᠷᠭᠠᠭᠤᠯᠢ》 ᠪᠤᠯᠤᠨ ᠲᠤᠮᠲᠠᠲᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠳᠤ ᠪᠠᠲᠤᠯᠠᠨ ᠬᠦᠷᠭᠡᠭ᠍ᠲᠡᠯ᠎ᠡ᠃ ᠵᠸᠨᠭᠵᠸᠤ ᠶᠡᠬᠡ ᠰᠤᠷᠭᠠᠭᠤᠯᠢ ᠪᠤᠯ ᠤᠯᠤᠰ ᠤᠨ 《211 ᠢᠨᠵᠸᠨ᠋ᠸᠷᠢᠨᠭ᠌》 ᠤᠨ ᠭᠤᠤᠯᠲᠠᠯᠭ᠎ᠠ ᠲᠠᠢ ᠪᠠᠢᠢᠭᠤᠯᠵᠤ ᠪᠦᠬᠦᠢ ᠶᠡᠬᠡ ᠲᠡᠭᠡᠳᠦ ᠰᠤᠷᠭᠠᠭᠤᠯᠢ ᠪᠤᠯᠤᠨ᠎ᠠ᠂ ᠡᠭᠦᠨ ᠳᠤ ᠬᠢᠮᠢ ᠪᠠ ᠮᠤᠯᠸᠺᠦ᠋ᠯ ᠤᠨ ᠢᠨᠵᠸᠨ᠋ᠸᠷᠢᠨᠭ᠌ ᠤᠨ ᠲᠡᠭᠡᠳᠦ ᠰᠤᠷᠭᠠᠭᠤᠯᠢ ᠪᠤᠯ《 ᠤᠯᠤᠰ ᠤᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠰᠠᠭᠤᠷᠢ ᠰᠢᠨᠵᠢᠯᠡᠬᠦ ᠤᠬᠠᠭᠠᠨ ᠲᠸᠭ᠍ᠨᠤᠯᠤᠬᠢ ᠶᠢᠨ ᠰᠤᠲᠤᠯᠤᠯ ᠪᠠ ᠴᠢᠲᠠᠪᠤᠷᠢᠲᠠᠨ ᠬᠦᠮᠦᠵᠢᠭᠦᠯᠬᠦ ᠰᠠᠭᠤᠷᠢᠨ ᠭᠠᠵᠠᠷ 》᠂《 ᠤᠯᠤᠰ ᠤᠨ ᠬᠢᠮᠢ ᠶᠢᠨ ᠲᠤᠷᠰᠢᠯᠲᠠ ᠶᠢᠨ ᠵᠢᠭᠠᠨ ᠰᠤᠷᠭᠠᠯᠲᠠ ᠶᠢᠨ ᠵᠢᠱᠢᠶ᠎ᠠ ᠦᠵᠡᠬᠦᠯᠬᠦ ᠲᠦᠪ》ᠪᠤᠯᠬᠤᠷ ᠪᠠᠷᠠᠬᠤ ᠦᠭᠡᠢ《ᠪᠠᠭᠠᠵᠢ ᠬᠡᠷᠡᠭᠰᠡᠯ ᠤᠨ ᠵᠠᠲᠠᠯᠤᠯ》᠂ ᠤᠯᠤᠰ ᠤᠨ ᠨᠡᠷᠡᠲᠦ ᠬᠢᠴᠢᠶᠠᠯ ᠲᠦᠷᠦᠯ᠂《ᠤᠯᠤᠰ ᠤᠨ ᠵᠡᠷᠭᠡᠯᠡᠯ ᠤᠨ ᠬᠤᠤᠰ ᠬᠡᠯᠡᠨ ᠤ ᠵᠢᠭᠠᠨ ᠰᠤᠷᠭᠠᠯᠲᠠ ᠶᠢᠨ ᠤᠬᠢ ᠰᠤᠲᠤᠨ ᠬᠢᠴᠢᠶᠠᠯ ᠲᠦᠷᠦᠯ》ᠵᠡᠷᠭᠡ ᠪᠤᠢ᠃

    ᠹᠸᠨᠭ᠌ ᠡᠾᠦ᠋ᠢ ᠶᠢᠨ ᠬᠡᠯᠡᠬᠦ ᠪᠡᠷ᠄《ᠰᠤᠷᠭᠠᠭᠤᠯᠢ ᠶᠢᠨ ᠲᠠᠪᠠᠭᠤᠯᠢᠭ ᠨᠦᠬᠦᠴᠡᠯ ᠡᠴᠡ ᠭᠠᠲᠠᠨ᠎ᠠ ᠬᠠᠮᠤᠭ ᠤᠨ ᠴᠢᠬᠤᠯᠠ ᠨᠢ ᠰᠤᠷᠤᠭᠴᠢᠳ ᠤᠨ ᠦᠪᠡᠷ ᠤᠨ ᠬᠢᠨ ᠴᠢᠷᠮᠠᠢᠢᠯᠭ᠎ᠠ ᠪᠤᠯᠤᠨ᠎ᠠ》 ᠭᠡᠵᠡᠢ᠃ ᠰᠤᠷᠤᠭᠴᠢ ᠵᠤᠤ ᠴᠢᠨᠭ᠌ ᠴᠢᠨᠭ᠌ ᠤᠨ ᠬᠡᠯᠡᠬᠦ ᠪᠡᠷ᠌᠌᠄《ᠰᠤᠷᠭᠠᠭᠤᠯᠢ ᠡᠴᠡ ᠲᠤᠰᠬᠠᠢ ᠲᠠᠪᠲᠠᠯᠭ᠎ᠠ ᠶᠢᠨ ᠦᠷᠦᠭᠡ ᠲᠤᠬᠢᠷᠠᠭᠤᠯᠵᠤ᠂ ᠬᠢᠴᠢᠶᠠᠯ ᠤᠷᠤᠬᠤ ᠡᠴᠡ ᠭᠠᠲᠠᠨ᠎ᠠ ᠡᠲᠦᠷ ᠲᠤᠵᠢ ᠲᠠᠪᠲᠠᠯᠭ᠎ᠠ ᠶᠢᠨ ᠦᠷᠦᠭᠡ ᠳ᠋ᠡᠭᠡᠨ ᠰᠠᠭᠤᠬᠤ ᠶᠢ ᠭᠤᠷᠪᠠᠲᠤᠭᠠᠷ ᠤᠨ ᠪᠤᠯᠲᠠᠯ᠎ᠠ ᠪᠠᠷᠢᠮᠲᠠᠯᠠᠵᠠᠢ᠃ ᠭᠡᠬᠦ ᠳ᠋ᠡᠭᠡᠨ ᠡᠲᠦᠷ ᠪᠦᠷᠢ ᠪᠠᠶ᠎ᠠ ᠪᠠᠨ ᠪᠤᠯᠪᠠᠰᠤᠷᠠᠬᠤ ᠨᠢ ᠴᠤ ᠴᠢᠬᠤᠯᠠ》᠃

    ᠠᠩᠬᠢ ᠶᠢᠨ ᠡᠷᠬᠢᠯᠡᠭᠴᠢ ᠸᠸᠢ ᠴᠢᠤ ᠿᠸᠨ ᠤ ᠬᠡᠯᠡᠬᠦ ᠪᠡᠷ᠄《ᠨᠢᠭᠡᠳᠦᠭᠡᠷ ᠬᠤᠭᠤᠴᠠᠭᠠᠨ ᠤ ᠬᠢᠴᠢᠶᠠᠯ ᠤᠨ ᠳ᠋ᠦᠩ ᠨᠢ ᠤᠨ ᠨᠢᠭᠡᠴᠡ ᠶᠢᠨ ᠡᠮᠤᠨ᠎ᠡ 30%  ᠳᠤ ᠵᠢᠭ‍ᠰᠠᠭᠠᠭᠲᠠᠭᠰᠠᠨ ᠰᠤᠷᠤᠭᠴᠢ ᠰᠠᠶ‍ᠢ ᠡᠨᠡᠬᠦ ᠠᠩᠬᠢ ᠳ᠋ᠤ ᠭᠤᠶᠤᠴᠢᠯᠠᠵᠤ ᠪᠤᠯᠤᠨ᠎ᠠ᠃ ᠲᠡᠭᠡᠬᠦ ᠮᠦᠷᠲᠡᠭᠡᠨ ᠲᠤᠰ ᠠᠩᠬᠢ ᠶᠢᠨ ᠨᠡᠢᠢᠲᠡ ᠬᠢᠴᠢᠶᠡᠯ ᠢ ᠠᠩᠭ᠍ᠯᠢ ᠪᠡᠷ ᠬᠢᠴᠢᠶᠠᠯᠯᠡᠲᠡᠭ》᠃ ᠲᠠᠨᠢᠯᠴᠠᠭᠤᠯᠤᠭᠰᠠᠨ ᠶᠢᠡᠷ ᠂ 2017 ᠤᠨ ᠳ᠋ᠤ ᠲᠤᠰ ᠲᠡᠭᠡᠳᠦ ᠰᠤᠷᠭᠠᠭᠤᠯᠢ ᠶᠢᠨ ᠠᠰᠫᠢᠷᠠᠨᠲ ᠶᠢᠡᠷ ᠬᠦᠷᠭᠡᠨ ᠪᠠᠲᠤᠯᠠᠭᠤᠯᠬᠤ ᠰᠤᠷᠤᠭᠴᠢ 61 ᠪᠠᠢᠢᠵᠤ᠂ ᠲᠤᠰ ᠠᠩᠬᠢ ᠶᠢᠨ 30 ᠰᠤᠷᠤᠭᠴᠢ ᠨᠡᠢᠢᠲᠡ ᠪᠡᠷ ᠶᠢᠡᠨ ᠬᠦᠷᠭᠡᠨ ᠪᠠᠲᠤᠯᠠᠠᠭᠤᠯᠤᠭᠲᠠᠪᠠ᠃ (ᠳᠠᠳᠤᠯᠭ᠎ᠠ ᠶᠢᠨ ᠰᠤᠷᠤᠭᠴᠢ ᠬᠤᠷᠴᠠ ᠤᠷᠴᠢᠭᠤᠯᠪᠠ)

ᠢᠷᠡᠯᠳᠡ᠄ ᠰᠢᠨᠬᠤᠸᠠ ᠬᠤᠷᠢᠶ ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119888974