蒙古文网站Logo
ᠰᠢᠨᠬᠤᠸᠠ ᠮᠤᠩᠭ᠋ᠤᠯ ᠨᠧᠲ

ᠲᠤᠯᠠᠭᠠᠨ ᠫᠷᠤᠹᠸᠰᠰᠤᠷ 《ᠮᠤᠩᠭ᠋ᠤᠯ ᠰᠤᠶᠤᠯ ᠪᠠ ᠮᠤᠩᠭ᠋ᠤᠯ ᠵᠠᠯᠠᠭᠤᠴᠤᠳ》ᠨᠤᠮ ᠤᠨ ᠶᠢᠡᠨ ᠬᠤᠷᠢᠮ ᠢ ᠦᠪᠦᠷ ᠮᠤᠩᠭ᠋ᠤᠯ ᠤᠨ ᠶᠡᠬᠡ ᠰᠤᠷᠭᠠᠭᠤᠯᠢ ᠳ᠋ᠤ ᠬᠢᠯ᠎ᠡ

2016-11-26 17:46

    ᠰᠢᠨᠬᠤᠸᠠ ᠮᠤᠩᠭ᠋ᠤᠯ ᠨᠸᠲ   ᠬᠦᠬᠡᠬᠤᠲᠠ ᠶᠢᠨ 11 ᠰᠠᠷ᠎ᠠ ᠶᠢᠨ 26 ᠤ ᠡᠲᠦᠷ ᠤᠨ ᠴᠠᠬᠢᠯᠭᠠᠨ ᠮᠡᠲᠡᠭᠡ ( ᠬ·ᠦᠵᠡᠰᠭᠦᠯᠡᠩ᠂ ᠲᠠᠢᠢᠴᠢᠨ᠂ ᠬᠡᠦᠬᠡᠨᠰᠤᠯᠢ)ᠦᠴᠦᠭᠡᠲᠦᠷ ᠪᠤᠶᠤ 25 ᠤ ᠡᠲᠦᠷ᠂ ᠲᠤᠯᠠᠭᠠᠨ ᠫᠷᠤᠹᠸᠰᠰᠤᠷ ᠤᠨ《ᠮᠤᠩᠭ᠋ᠤᠯ ᠰᠤᠶᠤᠯ ᠪᠠ ᠮᠤᠩᠭ᠋ᠤᠯ ᠵᠠᠯᠠᠭᠤᠴᠤᠳ》ᠨᠤᠮ ᠤᠨ ᠬᠤᠷᠢᠮ ᠵᠢᠴᠢ ᠮᠤᠩᠭ᠋ᠤᠯ ᠤᠶᠤᠲᠠᠳ ᠲᠠᠭᠠᠨ ᠤᠷᠮ᠎ᠠ ᠬᠠᠢᠢᠷᠠᠯᠠᠬᠤ ᠢᠯᠡᠳᠭᠡᠯ ᠦᠪᠦᠷ ᠮᠤᠩᠭ᠋ᠤᠯ ᠤᠨ ᠶᠡᠬᠡ ᠰᠤᠷᠭᠠᠭᠤᠯᠢ ᠳᠤ ᠪᠤᠯᠤᠯ᠎ᠠ᠃

    《 ᠰᠤᠷᠠᠭ ᠵᠠᠩᠬᠢ᠂ ᠮᠡᠲᠡᠭᠡ ᠮᠡᠲᠡᠭᠡᠯᠡᠯ ᠤᠨ ᠴᠠᠭ ᠦᠶ᠎᠎ᠠ ᠳ᠋ᠤ ᠤᠶᠤᠲᠠᠨ ᠵᠠᠯᠠᠭᠤᠰ ᠲᠠᠭᠠᠨ ᠬᠦᠮᠦᠨ ᠪᠤᠯᠬᠤ ᠶᠤᠰᠤᠨ ᠢ ᠮᠡᠳᠡᠬᠦᠯᠵᠦ᠂ ᠤᠷᠮ᠎ᠠ ᠵᠤᠷᠢᠭ ᠢ ᠨᠢ ᠬᠦᠪᠴᠢᠯᠡᠬᠦ ᠪᠡᠷ ᠲᠤᠯᠠᠭᠠᠨ ᠫᠷᠤᠹᠸᠰᠰᠤᠷ ᠤᠨᠮᠤᠩᠭ᠋ᠤᠯ ᠰᠤᠶᠤᠯ ᠪᠠ ᠮᠤᠩᠭ᠋ᠤᠯ ᠵᠠᠯᠠᠭᠤᠴᠤᠳᠨᠤᠮ ᠤᠨ ᠬᠤᠷᠢᠮ ᠢ ᠵᠤᠬᠢᠶᠠᠨ ᠪᠠᠢᠢᠭᠤᠯᠵᠤ᠂ ᠤᠷᠮ᠎ᠠ ᠬᠠᠢᠢᠷᠠᠯᠠᠬᠤ ᠢᠯᠡᠳᠭᠡᠯ ᠬᠢᠯᠭᠡᠵᠦ ᠪᠠᠢᠢᠭ᠎ᠠ ᠨᠢ ᠤᠶᠤᠲᠠᠳ ᠲᠤ ᠵᠦᠪ ᠡᠨ᠋ᠸᠷᠬᠢ ᠦᠭᠴᠦ ᠲᠡᠷᠡ ᠲᠤᠰᠤᠮ ᠶᠢᠡᠨ ᠶᠢᠷᠲᠢᠨᠴᠦ ᠶᠢᠨ ᠦᠵᠡᠯᠲᠡ᠂ ᠠᠮᠢᠲᠤᠷᠠᠬᠤᠢ ᠶᠢᠨ ᠦᠵᠡᠯᠲᠡ᠂ ᠦᠷᠲᠡᠭ ᠤᠨ ᠦᠵᠡᠯᠲᠡ ᠪᠦᠷᠢᠯᠲᠦᠨ ᠲᠦᠯᠦᠪᠰᠢᠷᠡᠬᠦ ᠳ᠋ᠤ ᠵᠤᠬᠢᠬᠤ ᠦᠢᠯᠡᠳᠦᠯ ᠦᠵᠡᠬᠦᠯᠬᠦ ᠪᠤᠯᠤᠨ᠎ᠠ》ᠭᠡᠵᠦ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠮᠤᠩᠭ᠋ᠤᠯ ᠰᠤᠲᠤᠯᠤᠯ ᠤᠨ ᠲᠡᠭᠡᠳᠦ ᠰᠤᠷᠭᠠᠭᠤᠯᠢ ᠶᠢᠨ ᠨᠠᠮ ᠤᠨ ᠶᠡᠷᠦᠩᠬᠡᠢ ᠡᠭᠦᠷ ᠤᠨ ᠱᠦᠵᠢ ᠪᠠ ᠭ᠍ᠸ ᠶᠠᠷᠢᠨ᠎ᠠ᠃

    ᠨᠤᠮ ᠤᠨ ᠬᠤᠷᠢᠮ ᠤᠨ ᠦᠶ᠎ᠠ ᠪᠡᠷ《ᠦᠨᠦᠲᠦᠷ ᠮᠠᠨ ᠤ ᠮᠤᠩᠭ᠋ᠤᠯᠴᠤᠳ ᠤᠨ ᠲᠤᠮᠲᠠ ᠡᠷᠲᠡᠮᠲᠡᠨ ᠮᠡᠷᠭᠡᠳ ᠲᠤᠲᠠᠬᠤ ᠦᠭᠡᠢ᠂ ᠭᠡᠪᠡᠴᠦ ᠵᠠᠯᠠᠭᠤᠴᠤᠳ ᠲᠠᠢ ᠪᠤᠲᠤᠯ ᠰᠡᠳᠭᠢᠯ ᠶᠢᠡᠨ ᠲᠡᠯᠭᠡᠨ ᠶᠠᠷᠢᠯᠴᠠᠵᠤ ᠲᠡᠲᠡᠨ ᠳ᠋ᠤ ᠰᠠᠨᠠᠯ ᠵᠦᠪᠯᠡᠯᠭᠡ ᠦᠭᠲᠡᠭ ᠰᠠᠢᠢᠨ ᠪᠠᠭᠰᠢ᠂ ᠰᠠᠢᠢᠨ ᠨᠠᠢᠢᠵᠠ ᠲᠤᠲᠠᠭᠲᠠᠵᠤ ᠪᠠᠢᠢᠨ᠎ᠠ᠃ ᠮᠤᠩᠭ᠋ᠤᠯ ᠵᠠᠯᠠᠭᠤᠴᠤᠳ ᠮᠠᠨᠢ ᠮᠤᠩᠭ᠋ᠤᠯ ᠰᠤᠶᠤᠯ ᠶᠢᠡᠨ ᠵᠦᠪ ᠶᠢᠡᠷ ᠲᠠᠨᠢᠵᠤ᠂ ᠮᠤᠩᠭ᠋ᠤᠯ ᠰᠤᠶᠤᠯ ᠶᠢᠡᠨ ᠵᠠᠯᠭᠠᠮᠵᠢᠯᠠᠨ ᠬᠦᠭ᠍ᠵᠢᠬᠦᠯᠵᠦ᠂ ᠮᠤᠩᠭ᠋ᠤᠯ ᠦᠨᠳᠦᠰᠦᠲᠡᠨ ᠶᠢᠡᠨ ᠲᠡᠯᠡᠬᠡᠢ ᠶᠢᠨ ᠤᠯᠤᠰ ᠦᠨᠳᠦᠰᠦᠲᠡᠨ ᠲᠠᠢ ᠮᠦᠷᠦ ᠰᠠᠴᠠᠭᠤ ᠬᠦᠭ᠍ᠵᠢᠬᠦᠯᠬᠦ ᠪᠡᠷ ᠴᠢᠷᠮᠠᠢᠢᠬᠤ ᠪᠤᠲᠤᠯ ᠤᠬᠠᠮᠰᠠᠷ ᠤᠷᠭᠤᠬᠤ ᠦᠭᠡᠢ ᠪᠤᠯ ᠦᠩᠭᠡᠷᠡᠭᠰᠡᠨ ᠤ ᠮᠡᠷᠭᠡᠳ ᠪᠠ ᠦᠨᠦᠲᠦᠷ ᠤᠨ ᠡᠷᠲᠡᠮᠲᠡᠳ ᠶᠠᠮᠠᠷ ᠠᠭᠤᠤ ᠶᠡᠬᠡ ᠠᠵᠢᠯ ᠪᠦᠲᠦᠭᠡᠭ᠍ᠰᠡᠨ ᠴᠤ ᠬᠡᠷᠡᠭ ᠶᠠᠭᠤᠨ ? ᠮᠤᠩᠭ᠋ᠤᠯ ᠰᠤᠶᠤᠯ ᠤᠨ ᠮᠠᠨᠲᠤᠵᠤ ᠬᠦᠭ᠍᠍ᠵᠢᠬᠦ ᠬᠤᠪᠢ ᠲᠠᠪᠢᠯᠠᠩ ᠤᠨ ᠵᠠᠩᠭᠢᠯᠠᠭ᠎ᠠ ᠨᠢ ᠮᠠᠨ ᠤ ᠵᠠᠯᠠᠭᠤᠴᠤᠳ ᠲᠤ ᠪᠠᠢᠢᠭ᠎ᠠ ᠶᠤᠮ᠂ ᠦᠨᠦᠲᠦᠷ ᠤᠨ ᠮᠤᠩᠭ᠋ᠤᠯ ᠵᠠᠯᠠᠭᠤᠴᠤᠳ ᠲᠠᠶᠠᠭᠠᠷᠴᠢᠯᠠᠯ ᠤᠨ ᠲᠤᠭᠰᠢᠨ ᠤᠷᠤᠰᠬᠠᠯ ᠳ᠋ᠤ ᠨᠡᠩ ᠤᠯᠠᠨ ᠬᠦᠴᠢᠷ ᠪᠡᠷᠬᠡᠰᠢᠶᠠᠯ ᠲᠠᠢ ᠠᠰᠠᠭᠤᠲᠠᠯ ᠳ᠋ᠤ ᠲᠤᠯᠭᠠᠷᠠᠵᠤ ᠪᠠᠢᠢᠭ᠎ᠠ ᠨᠢ ᠦᠨᠡᠨ᠃ ᠡᠢᠢᠮᠦ ᠡᠴᠡ ᠪᠢᠲᠡ ᠮᠤᠩᠭ᠋ᠤᠯ ᠵᠠᠯᠠᠭᠤᠴᠤᠳ ᠶᠢᠡᠨ ᠢᠯᠡᠭᠦᠦ ᠤᠢᠢᠯᠠᠭᠠᠨ ᠬᠠᠯᠠᠮᠵᠢᠯᠠᠵᠤ᠂ ᠤᠢᠢᠳᠬᠠᠷ ᠭᠤᠨᠢᠭ᠂ ᠡᠷᠡᠭᠡᠯᠵᠡᠯ ᠠᠯᠮᠠᠢᠢᠷᠠᠯ ᠢ ᠨᠢ ᠬᠤᠪᠢᠶᠠᠯᠴᠠᠵᠤ᠂ ᠢᠯᠡᠬᠦᠬᠡᠨ ᠰᠠᠨᠠᠯ ᠰᠠᠨᠠᠭᠤᠯᠭ᠎ᠠ᠂ ᠬᠠᠪᠰᠤᠷᠤᠯᠭ᠎ᠠ ᠲᠡᠮᠵᠢᠯᠭᠡ ᠦᠭᠴᠦ ᠪᠠᠢᠢᠬᠤ ᠴᠢᠬᠤᠯᠠ ᠲᠠᠢ᠃ ᠨᠤᠮ ᠳ᠋ᠤ ᠪᠢᠴᠢᠭᠰᠡᠨ ᠡᠲᠡᠭᠡᠷ ᠵᠤᠬᠢᠶᠠᠯ ᠤᠳ ᠮᠢᠨᠦ ᠦᠩᠭᠡᠷᠡᠭᠰᠡᠨ ᠳ᠋ᠤ ᠪᠢᠴᠢᠵᠦ ᠨᠡᠢᠢᠲᠡᠯᠡᠬᠦᠯᠦᠭᠰᠡᠨ ᠡᠷᠲᠡᠮ ᠰᠢᠨᠵᠢᠯᠡᠭᠡᠨ ᠤ ᠦᠭᠦᠯᠡᠯ ᠤᠳ ᠡᠴᠡ ᠦᠨ᠎ᠡ ᠴᠡᠨ᠎ᠡ ᠨᠢ ᠦᠴᠦᠬᠡᠨ ᠴᠤ ᠬᠤᠮᠰᠠᠲᠠᠬᠤ ᠦᠭᠡᠢ》ᠭᠡᠵᠦ ᠲᠤᠯᠠᠭᠠᠨ ᠫᠷᠤᠹᠸᠰᠰᠤᠷ ᠶᠠᠷᠢᠯ᠎ᠠ᠃

    ᠤᠢᠢᠯᠠᠭᠠᠭᠰᠠᠨ ᠶᠢᠡᠷ ᠲᠤᠯᠠᠭᠠᠨ ᠫᠷᠤᠹᠸᠰᠰᠤᠷ ᠤᠨ《ᠮᠤᠩᠭ᠋ᠤᠯ ᠰᠤᠶᠤᠯ ᠪᠠ ᠮᠤᠩᠭ᠋ᠤᠯ ᠵᠠᠯᠠᠭᠤᠴᠤᠳ》ᠨᠤᠮ ᠢ ᠨᠠᠢᠢᠷᠠᠭᠤᠯᠵᠤ ᠬᠡᠪᠯᠡᠬᠦᠯᠬᠦ ᠠᠵᠢᠯ ᠢ ᠦᠪᠦᠷ ᠮᠤᠩᠭ᠋ᠤᠯ ᠤᠨ ᠦᠨᠳᠦᠰᠦᠲᠡᠨ ᠤ ᠵᠠᠯᠠᠭᠤᠴᠤᠳ ᠪᠠᠭᠠᠴᠤᠳ ᠤᠨ ᠰᠡᠳᠭᠦᠯ ᠤᠨ ᠬᠤᠷᠢᠶ᠎ᠠ ᠰᠠᠨᠠᠭᠠᠴᠢᠯᠠᠵᠤ᠂ 2016 ᠤᠨ ᠤ 4 ᠰᠠᠷ᠎ᠠ ᠳ᠋ᠤ ᠦᠪᠦᠷ ᠮᠤᠩᠭ᠋ᠤᠯ ᠤᠨ ᠠᠷᠠᠳ ᠤᠨ ᠬᠡᠪᠯᠡᠯ ᠤᠨ ᠬᠤᠷᠢᠶ᠎ᠠ ᠲᠤᠰᠬᠠᠢ ᠨᠤᠮ ᠤᠨ ᠳ᠋ᠤᠭᠠᠷ ᠲᠠᠢ ᠬᠡᠪᠯᠡᠬᠦᠯᠦᠭᠰᠡᠨ ᠤ ᠲᠠᠷᠠᠭ᠎ᠠ ᠳ᠋ᠠᠪᠠᠨ ᠤ ᠨᠢᠭᠡᠲᠦᠭᠡᠷ ᠲᠤᠮᠲᠠᠲᠤ ᠰᠤᠷᠭᠠᠭᠤᠯᠢ᠂ ᠵᠠᠷᠤᠳ ᠬᠤᠰᠢᠭᠤᠨ ᠤ ᠮᠤᠩᠭ᠋ᠤᠯ ᠨᠢᠭᠡᠲᠦᠭᠡᠷ ᠲᠤᠮᠲᠠᠲᠤ ᠰᠤᠷᠭᠠᠭᠤᠯᠢ᠂ ᠦᠪᠦᠷ ᠮᠤᠩᠭ᠋ᠤᠯ ᠤᠨ ᠪᠠᠭᠰᠢ ᠶᠢᠨ ᠶᠡᠬᠡ ᠰᠤᠷᠭᠠᠭᠤᠯᠢ ᠪᠤᠯᠤᠨ ᠲᠦᠪ ᠤᠨ ᠦᠨᠳᠦᠰᠦᠲᠡᠨ ᠤ ᠶᠡᠬᠡ ᠰᠤᠷᠭᠠᠭᠤᠯᠢ ᠳ᠋ᠤ ᠲᠤᠰ ᠲᠤᠰ ᠨᠤᠮ ᠤᠨ ᠬᠢᠨᠢ ᠬᠤᠷᠢᠮ ᠢ ᠬᠢᠵᠦ ᠦᠩᠭᠡᠷᠡᠪᠡ᠃

    ᠲᠤᠰ ᠨᠤᠮ ᠢ ᠨᠠᠢᠢᠷᠠᠭᠤᠯᠵᠤ ᠬᠡᠪᠯᠡᠬᠦᠯᠬᠦ ᠠᠵᠢᠯ ᠢ ᠵᠤᠬᠢᠴᠠᠭᠤᠯᠤᠭᠰᠠᠨ《 ᠦᠪᠦᠷ ᠮᠤᠩᠭ᠋ᠤᠯ ᠤᠨ ᠵᠠᠯᠠᠭᠤᠴᠤᠳ》 ᠰᠡᠳᠬᠦᠯ ᠤᠨ ᠲᠡᠳ᠋ ᠡᠷᠬᠢᠯᠡᠭᠴᠢ ᠨᠠᠢᠢᠷᠠᠭᠤᠯᠤᠭᠴᠢ ᠵᠤᠷᠢᠭᠲᠤ ᠰᠢᠨᠬᠤᠸᠠ ᠮᠤᠩᠭ᠋ᠤᠯ ᠨᠸᠲ ᠤᠨ ᠲᠤᠰᠬᠠᠢ ᠰᠤᠷᠪᠤᠯᠵᠢᠯᠠᠭ᠎ᠠ ᠶᠢ ᠬᠦᠯᠢᠶᠡᠬᠦ ᠳ᠋ᠡᠭᠡᠨ《ᠲᠤᠯᠠᠭᠠᠨ ᠫᠷᠤᠹᠸᠰᠰᠤᠷ ᠦᠪᠦᠷ ᠮᠤᠩᠭ᠋ᠤᠯ ᠤᠨ ᠵᠠᠯᠠᠭᠤᠴᠤᠳ ᠰᠡᠳᠬᠦᠯ ᠳ᠋ᠤ ᠲᠤᠰᠬᠠᠢ ᠪᠤᠯᠤᠩ ᠤᠨ ᠵᠤᠬᠢᠶᠠᠯᠴᠢ ᠪᠡᠷ ᠬᠤᠶᠠᠷ ᠵᠢᠯ ᠠᠵᠢᠯᠯᠠᠭᠰᠠᠨ ᠬᠤᠭᠤᠴᠠᠭᠠᠨ ᠳ᠋ᠤᠨᠤᠮ ᠤᠨ ᠲᠤᠭᠤᠷᠢᠭ ᠪᠠ ᠰᠤᠶᠤᠯ ᠤᠨ ᠬᠦᠷᠢᠶ᠎ᠠᠮᠤᠩᠭ᠋ᠤᠯ ᠵᠠᠯᠠᠭᠤᠴᠤᠳ ᠪᠠ ᠬᠦᠨ ᠤᠬᠠᠭᠠᠨᠮᠤᠩᠭ᠋ᠤᠯ ᠵᠠᠯᠠᠭᠤᠴᠤᠳ ᠪᠠ ᠴᠠᠭᠭᠡᠬᠦ ᠮᠡᠲᠦ ᠬᠤᠷᠢ ᠭᠠᠷᠤᠢ ᠤᠬᠤᠷ ᠵᠤᠬᠢᠶᠠᠯ ᠨᠡᠢᠢᠲᠡᠯᠡᠵᠦ᠂ ᠭᠦᠨᠴᠠ ᠲᠠᠢ᠂ ᠦᠨᠳᠦᠷᠴᠡ ᠲᠠᠢ᠂ ᠲᠡᠯᠡᠬᠡᠢ ᠶᠢᠨ ᠬᠠᠷᠠᠭᠠᠰᠤ ᠡᠴᠡ ᠤᠲᠤ ᠶᠢᠨ ᠮᠤᠩᠭ᠋ᠤᠯ ᠵᠠᠯᠠᠭᠤᠴᠤᠳ ᠶᠢᠡᠨ ᠡᠷᠲᠡᠮ ᠨᠤᠮ᠂ ᠴᠠᠭ ᠮᠦᠴᠡ᠂ ᠬᠤᠲᠠᠴᠢᠯᠠᠯᠲᠠ ᠲᠠᠶᠠᠭᠠᠷᠴᠢᠯᠠᠯᠲᠠ᠂ ᠬᠦᠰᠡᠯ ᠮᠦᠷᠦᠭᠡᠲᠦᠯ᠂ ᠰᠤᠶᠤᠯ ᠤᠨ ᠲᠦᠢᠯᠰᠢᠷᠡᠯ᠂ ᠬᠤᠮᠰᠠᠲᠠᠯ᠂ ᠤᠲᠤᠬᠢᠴᠢᠯᠠᠯᠲᠠ ᠵᠡᠷᠭᠡ ᠠᠭᠤᠯᠭ᠎ᠠ ᠲᠠᠢ ᠬᠤᠯᠪᠤᠭᠲᠠᠭᠤᠯᠤᠭᠰᠠᠨ ᠨᠢ ᠮᠤᠩᠭ᠋ᠤᠯ ᠵᠠᠯᠠᠭᠤᠴᠤᠳ ᠲᠤ ᠰᠡᠩᠬᠡᠷᠡᠬᠦᠯᠦᠯ ᠪᠤᠯᠬᠤ ᠨᠢ ᠯᠠᠪᠲᠠᠢ》ᠭᠡᠵᠦ ᠶᠠᠷᠢᠯ᠎ᠠ᠃

    ᠲᠤᠯᠠᠭᠠᠨ ( ᠴᠸᠨ ᠭᠠᠩ ᠯᠦᠩ ) ᠂ ᠦᠪᠦᠷ ᠮᠤᠩᠭ᠋ᠤᠯ ᠤᠨ ᠵᠠᠷᠤᠳ ᠬᠤᠰᠢᠭᠤ ᠪᠡᠷ ᠨᠤᠲᠤᠭ ᠲᠠᠢ᠃ ᠪᠡᠭᠡᠵᠢᠩ ᠶᠡᠬᠡ ᠰᠤᠷᠭᠠᠭᠤᠯᠢ ᠶᠢᠨ ᠫᠷᠤᠹᠸᠰᠰᠤᠷ᠂ ᠳ᠋ᠤᠺᠲ᠋ᠤᠷᠠᠨᠲ ᠤᠨ ᠵᠢᠯᠤᠭᠤᠲᠤᠭᠴᠢ ᠪᠠᠭᠰᠢ᠂ ᠵᠠᠯᠠᠭᠤ ᠡᠷᠲᠡᠮᠲᠡᠨ᠂ ᠰᠢᠯᠦᠭᠴᠢ᠃ ᠲᠡᠷᠡᠪᠡᠷ ᠭᠤᠤᠯᠲᠠᠭᠤ ᠮᠤᠩᠭ᠋ᠤᠯ ᠰᠤᠲᠤᠯᠤᠯ ᠪᠤᠯᠤᠨ ᠲᠤᠷᠤᠨᠠᠲᠠᠬᠢᠨ ᠤ ᠠᠮᠠᠨ ᠵᠤᠬᠢᠶᠠᠯ ᠬᠤᠶᠠᠷ ᠰᠤᠲᠤᠯᠭᠠᠨ ᠤ ᠴᠢᠭᠯᠡᠯ ᠶᠢᠡᠷ ᠤᠯᠠᠨ ᠨᠤᠮ ᠵᠤᠬᠢᠶᠠᠯ ᠲᠤᠭᠤᠷᠪᠢᠭᠰᠠᠨ ᠨᠢ ᠤᠯᠤᠰ ᠤᠨ ᠲᠤᠲᠤᠭᠠᠲᠤ ᠭᠠᠲᠠᠭᠠᠲᠤ ᠳ᠋ᠤ ᠦᠷᠭᠡᠨ ᠨᠦᠯᠦᠭᠡ ᠲᠠᠢ᠃ ᠰᠡᠭᠦᠯ ᠤᠨ ᠦᠶ᠎ᠠ ᠳ᠋ᠤ ᠲᠡᠭᠦᠨ ᠤ ᠨᠠᠢᠢᠷᠠᠭᠤᠯᠵᠤ ᠬᠡᠪᠯᠡᠬᠦᠯᠦᠭᠰᠡᠨ 《ᠮᠤᠩᠭ᠋ᠤᠯ ᠵᠠᠯᠠᠭᠤᠴᠤᠳ ᠪᠠ ᠮᠤᠩᠭ᠋ᠤᠯ ᠰᠤᠶᠤᠯ》ᠨᠤᠮ ᠨᠢ ᠤᠶᠤᠲᠠᠨ ᠵᠠᠯᠠᠭᠤᠰ ᠤᠨ ᠲᠤᠮᠲᠠ ᠨᠦᠯᠦᠭᠡ ᠲᠤᠰᠬᠠᠯ ᠰᠠᠢᠢᠲᠠᠢ ᠶᠠᠷᠢᠶ᠎ᠠ ᠬᠡᠯᠡᠯᠴᠡᠭᠡᠨ ᠳ᠋ᠤ ᠬᠦᠷᠴᠦ《ᠲᠤᠯᠠᠭᠠᠨ ᠤ ᠦᠵᠡᠭᠲᠡᠯ》 ᠪᠤᠶᠤ《ᠲᠤᠯᠠᠭᠠᠨ ᠤ ᠤᠷᠤᠰᠬᠠᠯ》ᠪᠤᠢ ᠪᠤᠯᠪᠠ᠃

    ᠲᠤᠯᠠᠭᠠᠨ ᠫᠷᠤᠹᠸᠰᠰᠤᠷ ᠤᠨ ᠲᠤᠬᠠᠢ ᠲᠡᠯᠭᠡᠷᠡᠩᠬᠦᠢ ᠮᠡᠲᠡᠭᠡᠯᠡᠯ ᠢ ᠰᠢᠨᠬᠤᠸᠠ ᠮᠤᠩᠭ᠋ᠤᠯ ᠨᠸᠲ ᠤᠢᠢᠷ᠎ᠠ ᠶᠢᠨ ᠬᠤᠭᠤᠴᠠᠭᠠᠨ ᠳ᠋ᠤ ᠦᠷᠭᠦᠯᠵᠢᠯᠡᠨ ᠨᠡᠢᠢᠲᠡᠯᠡᠬᠦ ᠪᠤᠯᠤᠨ᠎ᠠ᠂ ᠲᠠ ᠪᠦᠬᠦᠨ ᠠᠩᠬᠠᠷᠤᠯ ᠶᠢᠡᠨ ᠬᠠᠨᠲᠤᠭᠤᠯᠤᠭᠠᠷᠠᠢ!

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119995672