蒙古文网站Logo
ᠰᠢᠨᠬᠤᠸᠠ ᠮᠤᠩᠭ᠋ᠤᠯ ᠨᠧᠲ

《ᠴᠤᠮᠤᠷᠯᠢᠭ》ᠬᠡᠯᠡ ᠳᠤ ᠤᠷᠤᠵᠤ ᠤᠩᠰᠢᠳᠠᠭ ᠰᠡᠳᠬᠦᠯ ᠡᠴᠡ ᠰᠤᠨᠤᠰᠳᠠᠭ ᠰᠡᠳᠬᠦᠯ ᠪᠤᠯᠤᠯ᠎ᠠ

2017-01-04 16:22

    ᠰᠢᠨᠬᠤᠧᠠ ᠮᠤᠩᠭᠤᠯ ᠨᠧᠲ  ᠬᠦᠬᠡᠬᠤᠳᠠ ᠶᠢᠨ 1 ᠰᠠᠷ᠎ᠠ ᠶᠢᠨ 4 ᠤ ᠡᠳᠦᠷ ᠤᠨ ᠴᠠᠬᠢᠯᠭᠠᠨ ᠮᠡᠳᠡᠬᠡ (ᠪᠤᠯᠤᠷᠴᠡᠴᠡᠭ) ᠤᠶᠢᠷ᠎ᠠ ᠳᠤ᠂ ᠬᠡᠤᠬᠡᠳ ᠪᠠᠭᠠᠴᠤᠳ ᠨᠢᠬᠡᠪᠦᠷᠢ ᠶᠢᠨ ᠬᠠᠭᠤᠴᠢᠨ ᠳᠠᠨᠢᠯ ᠪᠤᠯᠤᠭᠰᠠᠨ《ᠴᠤᠮᠤᠷᠯᠢᠭ》ᠰᠡᠳᠬᠦᠯ ᠬᠡᠯᠡ ᠳᠤ ᠤᠷᠤᠵᠤ᠂ ᠤᠩᠰᠢᠳᠠᠭ ᠰᠡᠳᠬᠦᠯ ᠡᠴᠡ ᠰᠤᠨᠤᠰᠳᠠᠭ ᠰᠡᠳᠬᠦᠯ ᠪᠤᠯᠤᠭᠰᠠᠨ ᠰᠤᠨᠢᠷᠬᠠᠯᠳᠠᠢ ᠰᠤᠷᠠᠭ ᠭᠠᠵᠠᠷ ᠠᠪᠴᠤ ᠡᠬᠢᠯᠡᠯ᠎ᠡ᠃

    1957 ᠤᠨ ᠳᠤ ᠠᠩᠬ᠎ᠠ ᠬᠡᠪᠯᠡᠯ ᠡᠬᠢᠯᠡᠭᠰᠡᠨ《ᠴᠤᠮᠤᠷᠯᠢᠭ》ᠰᠡᠳᠬᠦᠯ ᠰᠡᠬᠦᠯ ᠤᠨ ᠵᠢᠯ ᠤᠳ ᠲᠤ ᠦᠬᠡᠷᠡᠴᠢᠯᠡᠯᠳᠡ ᠰᠢᠨᠡᠴᠢᠯᠡᠯᠳᠡ ᠶᠢᠨ ᠠᠯᠬᠤᠮ ᠢᠶᠡᠨ ᠳᠦᠷᠬᠡᠳᠬᠡᠵᠤ᠂ ᠮᠤᠩᠭᠤᠯ ᠬᠡᠦᠬᠡᠳ ᠪᠠᠭᠠᠴᠤᠳ ᠤᠨ ᠢᠶᠡᠨ ᠨᠠᠰᠤᠨ ‍ᠤ ᠤᠨᠴᠠᠯᠢᠭ᠂ ᠮᠡᠳᠡᠯᠭᠡ ᠶᠢᠨ ᠳᠦᠪᠰᠢᠨ᠂ ᠰᠡᠳᠬᠢᠴᠡ ᠶ᠋ᠢᠨ ᠤᠨᠴᠠᠯᠢᠭ ᠪᠠ ᠳᠤᠷ᠎ᠠ ᠰᠤᠨᠢᠷᠬᠠᠯ ᠳᠤ ᠨᠡᠶᠢᠴᠡᠬᠦᠯᠦᠨ ᠠᠭᠤᠯᠭ᠎ᠠ᠂ ᠪᠠᠷ ᠬᠡᠪᠯᠡᠯ ᠢᠶᠡᠨ ᠳᠠᠰᠤᠷᠠᠯᠳᠠ ᠦᠬᠡᠢ ᠰᠢᠨᠡᠴᠢᠯᠡᠭᠰᠡᠬᠡᠷ ᠢᠷᠡᠵᠡᠢ᠃ ᠤᠶᠢᠷ᠎ᠠ ᠶᠢᠨ ᠬᠤᠭᠤᠴᠠᠭᠠᠨ ᠳᠤ ᠲᠤᠰᠬᠠᠢ ᠨᠡᠪᠲᠡᠷᠡᠭᠦᠯᠦᠭᠴᠢ᠂ ᠠᠪᠢᠶᠠᠯᠠᠭᠴᠢ ᠤᠷᠢᠵᠤ ᠰᠡᠳᠬᠦᠯ ᠤᠨ ᠢᠶᠡᠨ ᠰᠤᠩᠭᠤᠳᠠᠭ ᠰᠠᠶᠢᠬᠠᠨ ᠦᠯᠢᠭᠡᠷ ᠳᠤᠮᠤᠭ᠂ ᠬᠠᠷᠠᠭ᠎ᠠ ᠤᠶᠤᠨ ᠢ ᠳᠡᠯᠡᠳᠡᠭ ᠵᠦᠢᠯ ᠤᠨ ᠮᠡᠳᠡᠯᠭᠡ᠂ ᠤᠷᠠᠨ ᠰᠡᠳᠬᠢᠮᠵᠢ᠂ ᠲᠠᠩᠰᠤᠭ ᠬᠡᠯᠡᠯᠭᠡ ᠲᠠᠢ ᠬᠡᠦᠬᠡᠳ ᠤᠨ ᠤᠷᠠᠨ ᠵᠤᠬᠢᠶᠠᠯ᠂ ᠬᠦᠭᠡᠷᠦᠬᠦᠨ ᠰᠠᠶᠢᠬᠠᠨ ᠰᠡᠳᠬᠢᠴᠡ ᠲᠠᠢ ᠰᠤᠷᠤᠭᠴᠢ ᠶ᠋ᠢᠨ ᠵᠤᠬᠢᠶᠠᠯ ᠵᠡᠷᠬᠡ ᠡᠴᠡ ᠤᠩᠰᠢᠭᠤᠯᠤᠨ ᠰᠢᠩᠬᠡᠬᠡᠵᠤ᠂ ᠠᠦ᠋ᠳᠢᠣ᠋ ᠶᠢᠨ ᠢᠶᠡᠨ ᠬᠤᠶᠠᠷ ᠬᠡᠮᠵᠢᠯᠳᠡᠲᠤ ᠺᠤᠳ᠋ ᠢ ᠤᠭ ᠵᠤᠬᠢᠶᠠᠯ ᠤᠨ ᠬᠢᠨᠢ ᠬᠠᠵᠠᠭᠤ ᠳᠤ ᠬᠠᠳᠠᠵᠤ ᠬᠡᠪᠯᠡᠬᠦ ᠪᠤᠯᠪᠠ᠃ ᠢᠩᠬᠢᠭᠰᠡᠨ ᠢᠶᠡᠷ᠂ ᠰᠡᠳᠬᠦᠯ ᠤᠨ ᠪᠠᠭ᠎ᠠ ᠰᠤᠷᠭᠠᠭᠤᠯᠢ ᠶ᠋ᠢᠨ ᠬᠡᠪᠯᠡᠯ ᠤᠨ 2016 ᠤᠨ ᠤ 10 ᠳ᠋ᠤᠭᠠᠷ ᠬᠤᠭᠤᠴᠠᠭ᠎ᠠ ᠡᠴᠠ ᠡᠬᠢᠯᠡᠨ ᠤᠩᠰᠢᠭᠴᠢᠳ ᠭᠠᠷ ᠤᠳᠠᠰᠤ ᠪᠡᠷ ᠢᠶᠡᠨ ᠰᠢᠷᠪᠢᠬᠡᠳ ᠵᠤᠬᠢᠶᠠᠯ ᠢ ᠤᠩᠰᠢᠬᠤ ᠦᠬᠡᠢ ᠪᠡᠷ ᠰᠤᠨᠤᠰᠴᠤ ᠴᠢᠳᠠᠬᠤ ᠪᠤᠯᠵᠠᠢ᠃

    ᠠᠦ᠋ᠳᠢᠣ᠋ ᠵᠤᠬᠢᠶᠠᠯ ᠨᠢ ᠪᠢᠴᠢᠬᠠᠨ ᠤᠩᠰᠢᠭᠴᠢᠳ ᠤᠨ ᠳᠤᠷ᠎ᠠ ᠰᠤᠨᠢᠷᠬᠠᠯ ᠵᠢᠴᠢ ᠵᠤᠬᠢᠶᠠᠯ ᠪᠦᠲᠦᠭᠡᠯ ᠤᠨ ᠤᠨᠴᠠᠯᠢᠭ ᠲᠤ ᠲᠤᠬᠢᠷᠠᠭᠰᠠᠨ ᠢᠷᠡᠭᠤ ᠲᠤᠳᠤ᠂ ᠬᠦᠭᠡᠷᠦᠬᠦᠨ ᠴᠤᠪᠤᠭᠤᠯᠢᠭ᠂ ᠬᠡᠦᠬᠡᠳᠯᠢᠭ ᠱᠤᠭᠯᠢᠭ᠂ ᠰᠡᠳᠬᠢᠯᠭᠡ ᠶ᠋ᠢᠨ ᠦᠩᠭᠡ ᠪᠡᠷ ᠪᠢᠯᠬᠠᠮ᠎ᠠ ᠤᠩᠰᠢᠯᠭ᠎ᠠ ᠶ᠋ᠢᠨ ᠬᠡᠪ ᠨᠠᠮᠪᠠ ᠲᠠᠢ᠃ ᠢᠩᠭᠢᠭᠡᠳ ᠯᠠ《ᠴᠤᠮᠤᠷᠯᠢᠭ》ᠰᠡᠳᠬᠦᠯ ᠬᠡᠯᠡ ᠳ᠋ᠤ ᠤᠷᠤᠵᠤ᠂ ᠠᠷᠠᠢ ᠭᠡᠵᠤ ᠦᠰᠦᠭ ᠨᠢᠳᠦᠯᠡᠵᠤ ᠴᠢᠳᠠᠭ᠎ᠠ ᠬᠡᠦᠬᠡᠳ ᠪᠠᠭᠠᠴᠤᠤᠯ ᠡᠴᠠ ᠤᠨᠲᠠᠯᠭ᠎ᠠ ᠳ᠋ᠤ ᠤᠷᠤᠬᠤ ᠬᠡᠦᠬᠡᠳ ᠲᠡᠬᠡᠨ ᠦᠯᠢᠭᠡᠷ ᠡᠷᠢᠭᠡᠳ ᠮᠣᠩᠭᠠᠨᠢᠳᠠᠭ ᠭᠡᠷ ᠤᠨ ᠠᠬᠠᠮᠠᠳ ᠬᠦᠷᠲᠡᠯ᠎ᠡ ᠤᠩᠰᠢᠯᠭ᠎ᠠ ᠰᠡᠳᠬᠦᠯ ᠢ ᠬᠠᠷᠭᠤᠭᠤᠯᠵᠤ ᠪᠠᠶᠢᠭᠠᠳ ᠦᠯᠢᠭᠡᠷ ᠵᠤᠬᠢᠶᠠᠯ ᠤᠨ ᠶᠢᠷᠲᠢᠨᠴᠦ ᠪᠡᠷ ᠵᠤᠭᠠᠯᠠᠬᠤ ᠪᠤᠯᠤᠮᠵᠢ ᠲᠠᠢ ᠪᠤᠯᠤᠯ᠎ᠠ᠃ ᠡᠨᠡ ᠨᠢ《ᠴᠤᠮᠤᠷᠯᠢᠭ》ᠰᠡᠳᠬᠦᠯ ᠤᠨ ᠦᠪᠡᠷ ᠤᠨ ᠬᠢᠨᠢ ᠬᠤᠪᠢ ᠳᠤ ᠠᠩᠬᠠᠨ ᠤ ᠲᠤᠷᠰᠢᠴᠠ ᠪᠤᠯᠤᠭᠰᠠᠨ ᠳᠡᠳᠦᠢ ᠦᠬᠡᠢ ᠤᠳᠤᠬᠢ ᠬᠦᠷᠳᠡᠯᠡᠬᠢ ᠮᠤᠩᠭᠤᠯ ᠰᠡᠳᠬᠦᠯ ᠤᠨ ᠲᠡᠦᠬᠡᠨ ᠳ᠋ᠤ ᠮᠦᠨ ᠠᠩᠬᠠᠨ ᠤ ᠰᠢᠨᠡᠴᠢᠯᠡᠯᠳᠡ ᠪᠤᠯᠤᠭᠰᠠᠨ ᠶᠤᠮ᠃

    《ᠴᠤᠮᠤᠷᠯᠢᠭ》ᠰᠡᠳᠬᠦᠯ 2012 ᠤᠨ ᠤ ᠳᠤᠤᠷ᠎ᠠ ᠬᠠᠭᠠᠰ ᠵᠢᠯ ᠡᠴᠠ ᠤᠷᠤᠨ ᠲᠠᠶᠠᠭᠠᠷ ᠤᠨ ᠮᠤᠩᠭᠤᠯ ᠢᠶᠠᠷ ᠬᠢᠴᠢᠶᠡᠯᠯᠡᠵᠤ ᠪᠠᠶᠢᠭ᠎ᠠ 17 ᠲᠦᠮᠡ ᠭᠠᠷᠤᠢ ᠬᠡᠦᠬᠡᠳ ᠪᠠᠭᠠᠴᠤᠳ ᠲᠤ ᠲᠦᠯᠦᠪᠦᠷᠢ ᠦᠭᠡᠢ ᠪᠡᠷ ᠬᠦᠷᠭᠡᠭᠳᠡᠬᠦ ᠪᠤᠯᠤᠭᠰᠠᠨ ᠶᠤᠮ᠃ 2015 ᠤᠨ ‍ᠤ 7 ᠰᠠᠷ᠎ᠠ ᠡᠴᠠ ᠠᠩᠬ᠎ᠠ ᠳᠤᠮᠳᠠᠳᠤ ᠶ᠋ᠢᠨ ᠬᠡᠪᠯᠡᠯ ᠪᠤᠯᠤᠨ ᠪᠠᠭ᠎ᠠ ᠰᠤᠷᠭᠠᠭᠤᠯᠢ ᠶ᠋ᠢᠨ ᠬᠡᠪᠯᠡᠯ ᠭᠡᠮᠡᠨ ᠬᠤᠪᠢᠶᠠᠨ ᠡᠷᠬᠢᠯᠡᠬᠦ ᠪᠤᠯᠤᠭᠰᠠᠨ ᠢᠶᠡᠷ ᠳᠤᠮᠳᠠᠳᠤ ᠰᠤᠷᠭᠠᠭᠤᠯᠢ ᠶᠢᠨ ᠰᠤᠷᠤᠭᠴᠢᠳ ᠲᠤ ᠲᠤᠰᠬᠠᠶ ᠵᠤᠷᠢᠭᠤᠯᠤᠯᠳᠠ ᠲᠠᠢ ᠠᠩᠬᠠᠨ ‍ᠤ ᠮᠤᠩᠭᠤᠯ ᠰᠡᠳᠬᠦᠯ ᠮᠡᠨᠳᠦᠯᠡᠵᠠᠢ᠃ ᠵᠢᠯ ᠠᠯᠤᠰᠯᠠᠨ ᠵᠤᠬᠢᠶᠠᠨ ᠪᠠᠶᠢᠭᠤᠯᠳᠠᠭ《ᠴᠤᠮᠤᠷᠯᠢᠭ》ᠬᠤᠨᠳᠠᠭᠠᠲᠤ ᠬᠡᠦᠬᠡᠳ ᠤᠨ ᠦᠭᠦᠯᠡᠯᠭᠡ ᠶ᠋ᠢᠨ ᠤᠷᠤᠯᠳᠤᠭᠠᠨ ᠪᠤᠯᠤᠨ ᠰᠤᠷᠤᠭᠴᠢᠳ ᠤᠨ ᠵᠤᠬᠢᠶᠠᠯ ᠤᠨ ᠤᠷᠤᠯᠳᠤᠭᠠᠨ ᠨᠢ ᠨᠢᠬᠡᠨᠳᠡ ᠳᠤᠰ ᠰᠡᠳᠬᠦᠯ ᠤᠨ ᠪᠷᠧᠨ᠋ᠳ᠋ ᠪᠤᠯᠤᠭᠰᠠᠨ ᠪᠠᠶᠢᠳᠠᠭ᠃ 《ᠴᠤᠮᠤᠷᠯᠢᠭ》 ᠤᠨ ᠬᠢᠨ ᠪᠠᠰᠠ ᠦᠨᠳᠦᠰᠦᠨ ᠱᠠᠲᠤᠨ ᠤ ᠤᠯᠠᠨ ᠮᠤᠩᠭᠤᠯ ᠰᠤᠷᠭᠠᠭᠤᠯᠢ ᠪᠡᠷ ᠬᠦᠷᠴᠦ ᠴᠤᠪᠤᠷᠠᠯ ᠠᠷᠭ᠎ᠠ ᠬᠡᠮᠵᠢᠶ᠎ᠡ ᠨᠤᠬᠦᠳ ᠢ ᠵᠤᠬᠢᠶᠠᠨ ᠪᠠᠶᠢᠭᠤᠯᠵᠤ᠂ ᠮᠤᠩᠭᠤᠯ ᠪᠠᠭᠠᠴᠤᠳ ᠤᠨ ᠢᠶᠡᠨ ᠬᠠᠮᠲᠤ ᠲᠤᠭᠯᠠᠨ ᠪᠠᠶᠠᠰᠴᠤ᠂ ᠲᠡᠳᠡᠨ ᠤ ᠪᠡᠨ ᠦᠰᠦᠨ ᠪᠤᠶᠢᠵᠢᠯᠲᠠ ᠶ᠋ᠢᠨ ᠪᠠᠶᠢᠳᠠᠯ᠂ ᠬᠡᠷᠡᠭᠴᠡᠬᠡ ᠱᠠᠭᠠᠷᠳᠠᠯᠭ᠎ᠠ ᠶ᠋ᠢ ᠤᠶᠢᠯᠠᠭᠠᠨ ᠪᠠᠰᠠ ᠤᠯᠠᠨ ᠪᠠᠭᠰᠢ ᠨᠠᠷ ᠤᠨ ᠰᠠᠨᠠᠯ ᠵᠦᠪᠯᠡᠯᠭᠡ ᠶ᠋ᠢ ᠰᠤᠨᠤᠰᠤᠨ ᠶᠠᠪᠤᠵᠤ ᠰᠡᠳᠬᠦᠯ ᠢᠶᠡᠨ ᠤᠯᠠᠮ ᠴᠢᠨᠠᠷᠵᠢᠭᠤᠨ ᠡᠷᠬᠢᠯᠡᠬᠦ ᠳ᠋ᠡᠬᠡᠨ ᠰᠠᠭᠤᠷᠢ ᠳᠠᠯᠪᠢᠳᠠᠭ ᠪᠠᠶᠢᠨ᠎ᠠ᠃ ᠡᠨᠡ ᠨᠢ ᠬᠡᠦᠬᠡᠳ ᠪᠠᠭᠠᠴᠤᠳ ᠤᠨ ᠬᠦᠷᠢᠶᠡᠯᠡᠯ ᠢ ᠤᠯᠤᠭᠰᠠᠨ ᠳᠡᠳᠦᠢ ᠦᠬᠡᠢ ᠰᠤᠷᠭᠠᠭᠤᠯᠢ᠂ ᠪᠠᠭᠰᠢ᠂ ᠬᠡᠷ ᠤᠨ ᠠᠬᠠᠮᠠᠳ ᠲᠤ ᠴᠤ ᠶᠡᠬᠡ ᠨᠦᠯᠦᠭᠡ ᠲᠠᠢ ᠪᠤᠯᠤᠭᠰᠠᠨ ᠶᠤᠮ᠃

    ᠴᠠᠭ ᠦᠶ᠎ᠡ ᠶ᠋ᠢᠨ ᠤᠷᠤᠰᠬᠠᠯ᠂ ᠰᠢᠨ᠎ᠡ ᠮᠡᠷᠭᠡᠵᠢᠯ ᠤᠨ ᠠᠰᠢᠭᠯᠠᠯᠲᠠ᠂ ᠴᠠᠭᠠᠰᠤᠨ ᠬᠡᠪᠯᠡᠯ ᠤᠨ ᠦᠷᠢᠰᠦᠯᠳᠦᠬᠡᠨ ᠳᠤ ᠨᠢᠬᠡᠨ ᠵᠢᠷᠠᠨ ᠤ  ᠪᠡᠨ ᠪᠠᠶᠠᠷ ᠢ ᠤᠭᠲᠤᠭᠰᠠᠠ 《ᠴᠤᠮᠤᠷᠯᠢᠭ》ᠰᠡᠳᠬᠦᠯ ᠦᠭᠡᠷᠡᠴᠢᠯᠡᠯᠲᠡ ᠲᠠᠢ᠂ ᠰᠢᠨᠡᠴᠢᠯᠡᠯᠲᠡ ᠲᠠᠢ ᠪᠡᠷ ᠰᠡᠳᠬᠦᠯ ᠢᠶᠡᠨ ᠡᠷᠬᠢᠯᠡᠬᠦ ᠪᠡᠷ ᠳᠡᠮᠡᠤᠯᠡᠭᠰᠡᠬᠡᠷ᠃

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠳᠡᠬᠢ ᠯᠢᠶᠤᠤ ᠭᠦᠷᠦᠨ ᠤ ᠲᠠᠲᠠᠪᠤᠷᠢ ᠶᠢᠨ ᠤᠨᠭᠭᠤᠨ ᠡᠴᠡ ᠶᠡᠬᠡ ᠬᠡᠮᠵᠢᠶᠡᠨ ᠤ ᠠᠯᠲᠠ ᠮᠦᠩᠭᠦᠨ ᠰᠢᠭᠢᠳᠬᠡᠭᠡᠷᠢ ᠲᠠᠢ ᠱᠠᠭᠠᠵᠠᠩ ᠰᠠᠪᠠ ᠤᠯᠳᠠᠪᠠ
  • ᠦᠪᠦᠷ ᠮᠤᠨᠭᠭᠤᠯ ᠤᠨ ᠰᠢᠨ᠎ᠡ ᠪᠠᠷᠭᠤ ᠵᠡᠭᠦᠨ ᠬᠤᠰᠢᠭᠤᠨ ᠳᠤ ᠮᠤᠨᠭᠭᠤᠯ ᠦᠨᠳᠦᠰᠦᠲᠡᠨ ᠤ ᠬᠤᠪᠴᠠᠰᠤ ᠵᠠᠰᠠᠯ ᠤᠨ ᠦᠵᠡᠭᠦᠯᠦᠯᠭᠡ ᠪᠤᠯᠪᠠ
  • ᠵᠢᠷᠭᠤᠭᠠᠨ ᠮᠤᠵᠢ ᠤᠷᠤᠨ ᠤ ᠦᠨᠳᠦᠰᠦᠳᠡᠨ ᠤ ᠴᠦᠬᠡᠩᠬᠢ ᠶᠢᠨ ᠤᠷᠠᠨ ᠰᠠᠶᠢᠬᠠᠨ ᠤ ᠳᠤᠭᠯᠠᠯᠳᠠ ᠦᠨᠳᠦᠷᠯᠡᠯ᠎᠎ᠡ
  • ᠠᠩᠬᠠᠳᠤᠭᠠᠷ ᠤᠳᠠᠭᠠᠨ ᠤ 《ᠠᠯᠲᠠᠨ ᠳᠡᠯᠡᠬᠡᠢ》 ᠨᠡᠷᠡᠮᠵᠢᠲᠤ ᠦᠪᠦᠷ ᠮᠣᠩᠭᠣᠯ ᠤᠨ ᠤᠶᠤᠲᠠᠳ ᠤᠨ ᠮᠤᠩ᠋ᠭᠤᠯ ᠰᠢᠲᠠᠷ᠎ᠠ ᠶᠢᠨ ᠤᠷᠤᠯᠳᠤᠭᠠᠨ ᠠᠮᠵᠢᠯᠲᠠ ᠲᠠᠢ ᠶᠠᠪᠤᠭᠳᠠᠯ᠎ᠠ
关闭
010070230030000000000000011100001120244826