蒙古文网站Logo
ᠰᠢᠨᠬᠤᠸᠠ ᠮᠤᠩᠭ᠋ᠤᠯ ᠨᠧᠲ

ᠮᠤᠩᠭᠤᠯ ᠢᠶᠡᠷ ᠠᠮᠢᠰᠬᠤᠯᠯᠠᠭᠰᠠᠨ ᠰᠢᠨ᠎ᠡ ᠰᠤᠷᠤᠯᠭ᠎ᠠ ᠶᠢᠨ ᠬᠤᠭᠤᠴᠠᠭ᠎ᠠ

2017-03-01 16:42

    ᠬᠠᠪᠤᠷ ᠤᠨ ᠤᠷᠢᠨ ᠨᠠᠭᠠᠰᠢᠯᠠᠵᠤ᠂ ᠬᠡᠤᠬᠡᠳ ᠤᠳ ᠤᠨ ᠮᠢᠨᠢ ᠰᠢᠨ᠎ᠡ ᠰᠤᠷᠤᠯᠭ᠎ᠠ ᠶᠢᠨ ᠬᠤᠭᠤᠴᠠᠭ᠎ᠠ ᠠᠬᠢᠭᠠᠳ ᠡᠬᠢᠯᠡᠪᠡ᠃ 3 ᠰᠠᠷ᠎ᠠ ᠶᠢᠨ 1 ᠤ ᠡᠳᠦᠷ᠂ ᠦᠪᠦᠷ ᠮᠤᠩᠭᠤᠯ ᠤᠨ ᠰᠢᠯᠢᠩᠬᠤᠲᠠ ᠶᠢᠨ ᠮᠤᠨᠭᠭᠤᠯ ᠦᠨᠳᠦᠰᠦᠳᠡᠨ ᠤ ᠪᠠᠭ᠎ᠠ ᠰᠤᠷᠭᠠᠭᠤᠯᠢ ᠶᠢᠨ ᠪᠠᠬᠰᠢ ᠰᠤᠷᠤᠬᠴᠢᠳ ᠪᠤᠯᠤᠨ ᠬᠡᠦᠬᠡᠳ ᠢᠶᠡᠨ ᠬᠦᠷᠭᠡᠵᠤ ᠢᠷᠡᠭᠰᠡᠨ ᠭᠡᠷ ᠤᠨ ᠠᠬᠠᠮᠠᠳ ᠮᠤᠩᠭᠤᠯ ᠢᠶᠡᠷ ᠢᠶᠡᠨ ᠭᠤᠶᠤᠵᠤ᠂ ᠰᠠᠮᠪᠠᠢ ᠬᠠᠳᠠᠬ ᠢᠶᠠᠨ ᠳᠡᠯᠭᠡᠨ ᠰᠤᠷᠭᠠᠭᠤᠯᠢ ᠶᠢᠨ ᠬᠦᠷᠢᠶᠡᠨ ᠳᠡᠬᠡᠨ ᠬᠠᠮᠲᠤ ᠶᠢᠨ ᠵᠤᠯᠭᠠᠯᠲᠠ ᠬᠢᠵᠤ ᠪᠠᠶᠢᠯ᠎ᠠ᠃

    ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠪᠤᠯᠤᠬᠰᠠᠨ᠎ᠠ ᠬᠦᠭᠡᠷᠦᠬᠦᠨ ᠵᠢᠭᠠᠯ ᠤᠳ ᠮᠤᠨᠭᠭᠤᠯ ᠲᠡᠷᠯᠢᠭ ᠢᠶᠡᠨ ᠡᠮᠦᠰᠴᠦ᠂ ᠪᠠᠰᠠ ᠵᠠᠷᠢᠮ ᠨᠢ ᠮᠤᠷᠢ ᠪᠠᠨ ᠤᠨᠤᠵᠦ᠂ ᠪᠠᠶᠠᠷ ᠤᠨ ᠮᠦᠰᠢᠶᠡᠳᠤ ᠲᠤᠳᠤᠷᠠᠭᠤᠯᠤᠨ ᠰᠤᠷᠭᠠᠭᠤᠯᠢ ᠳᠠᠭᠠᠨ ᠤᠴᠢᠯ᠎ᠠ᠃ ᠰᠢᠯᠢᠩᠬᠤᠲᠠ ᠶᠢᠨ ᠮᠤᠨᠭᠭᠤᠯ ᠦᠨᠳᠦᠰᠦᠳᠡᠨ ᠤ ᠪᠠᠭ᠎ᠠ ᠰᠤᠷᠭᠠᠭᠤᠯᠢ ᠶᠢᠨ ᠨᠠᠷᠠᠰᠤ ᠪᠠᠬᠰᠢ ᠡᠴᠡ᠂ ᠰᠢᠨ᠎ᠡ ᠵᠢᠯ ᠤᠨ ᠰᠢᠨ᠎ᠡ ᠬᠤᠭᠤᠴᠠᠭ᠎ᠠ ᠡᠬᠢᠯᠡᠬᠦ ᠲᠠᠰᠢᠷᠠᠮ  ᠢᠶᠡᠷ ᠪᠠᠬᠰᠢ ᠰᠤᠷᠤᠬᠴᠢᠳ ᠤᠨ ᠬᠠᠮᠲᠤ ᠶᠢᠨ ᠵᠤᠯᠭᠠᠯᠲᠠ ᠵᠢ ᠵᠤᠬᠢᠶᠠᠨ ᠪᠠᠶᠢᠭᠤᠯᠵᠦ ᠪᠠᠶᠢᠭ᠎ᠠ ᠨᠢ ᠲᠤᠰ ᠬᠤᠭᠤᠴᠠᠭᠠᠨ ᠤ ᠠᠮᠵᠢᠯᠲᠠ ᠪᠠᠨ ᠬᠤᠷᠤᠶᠢᠯᠠᠵᠦ ᠪᠠᠶᠢᠬᠤ ᠶᠢᠨ ᠬᠠᠮᠲᠤ ᠮᠦᠨ ᠬᠡᠦᠬᠡᠳ ᠤᠳ ᠲᠡᠬᠡᠨ ᠦᠨᠳᠤᠰᠤᠲᠠᠨ ᠤ ᠵᠠᠩ ᠵᠠᠩᠰᠢᠯ ᠢᠶᠡᠨ ᠢᠯᠡᠭᠦᠬᠡᠨ ᠤᠯᠠᠮᠵᠢᠯᠠᠬᠤ ᠵᠢ ᠵᠤᠷᠢᠬᠰᠠᠨ  ᠶᠤᠮ ᠭᠡᠵᠡᠢ᠃ (ᠵᠢᠷᠤᠬ ᠢ ᠰᠢᠯᠢᠩᠬᠤᠲᠠ ᠶᠢᠨ ᠮᠤᠨᠭᠭᠤᠯ ᠦᠨᠳᠦᠰᠦᠳᠡᠨ ᠤ ᠪᠠᠭ᠎ᠠ ᠰᠤᠷᠭᠠᠭᠤᠯᠢ ᠡᠴᠡ ᠬᠠᠨᠭᠭᠠᠪᠠ)

ᠢᠷᠡᠯᠳᠡ᠄ ᠰᠢᠨᠬᠤᠧᠠ ᠮᠣᠩᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
关闭
010070230030000000000000011100001120551619