蒙古文网站Logo
ᠰᠢᠨᠬᠤᠸᠠ ᠮᠤᠩᠭ᠋ᠤᠯ ᠨᠧᠲ

ᠪᠡᠭᠡᠵᠢᠩ ᠳᠤ ᠦᠨᠦ ᠵᠢᠯ 6 ᠲᠦᠮᠡ ᠭᠠᠷᠤᠢ ᠬᠦᠮᠦᠨ ᠶᠡᠬᠡ ᠲᠡᠭᠡᠲᠤ ᠰᠤᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠳᠤ ᠤᠷᠤᠯᠴᠠᠵᠤ ᠭᠤᠷᠪᠠᠳᠤᠭᠠᠷ ᠪᠤᠱᠤᠭ᠎ᠠ ᠶᠢᠨ ᠡᠯᠰᠡᠯᠲᠡ ᠶᠢ ᠦᠭᠡᠶᠢᠰᠬᠡᠨ᠎ᠠ

2017-03-30 11:16

    ᠰᠢᠨᠬᠤᠸᠠ ᠬᠤᠷᠢᠶ᠎ᠠ ᠪᠡᠭᠡᠵᠢᠩ ᠤᠨ 3 ᠰᠠᠷ᠎ᠠ ᠶᠢᠨ 29 ᠤ ᠡᠳᠦᠷ ᠤᠨ ᠴᠠᠬᠢᠯᠭᠠᠨ ᠮᠡᠳᠡᠭᠡ ( ᠰᠤᠷᠪᠤᠯᠵᠢᠯᠠᠭᠴᠢ ᠵᠤᠤ ᠸᠠᠨ ᠸᠸᠢ᠂ ᠯᠢᠶᠠᠩ ᠲᠢᠶᠠᠨ ᠶᠦᠨ) ᠰᠤᠷᠪᠤᠯᠵᠢᠯᠠᠭᠴᠢ ᠪᠡᠭᠡᠵᠢᠩ ᠤᠨ ᠰᠤᠷᠭᠠᠨ ᠬᠦᠮᠦᠵᠢᠯ ᠰᠤᠷᠤᠬᠴᠢ ᠡᠯᠰᠡᠯᠳᠡ ᠶᠢᠨ ᠰᠢᠯᠭᠠᠯᠲᠠ ᠶᠢᠨ ᠬᠦᠷᠢᠶᠡᠯᠡᠩ ᠡᠴᠡ ᠤᠶᠢᠯᠠᠭᠠᠭᠰᠠᠨ ᠢᠶᠡᠷ᠂ ᠦᠨᠦ ᠵᠢᠯ ᠪᠡᠭᠡᠵᠢᠩ ᠳᠤ ᠨᠡᠶᠢᠲᠡ 60638 ᠬᠦᠮᠦᠨ ᠶᠡᠬᠡ ᠲᠡᠭᠡᠲᠤ ᠰᠤᠷᠭᠠᠭᠤᠯᠢ ᠶᠢᠨ ᠡᠯᠰᠡᠯᠲᠡ ᠶᠢᠨ ᠰᠢᠯᠭᠠᠯᠲᠠ ᠳᠤ ᠤᠷᠤᠯᠴᠠᠨ᠎ᠠ᠂ ᠶᠡᠬᠡ ᠲᠡᠭᠡᠲᠤ ᠰᠤᠷᠭᠠᠭᠤᠯᠢ ᠶᠢᠨ ᠡᠯᠰᠡᠯᠲᠡ ᠶᠢᠨ ᠰᠢᠯᠭᠠᠯᠲᠠ ᠳᠤ ᠨᠡᠷ᠎ᠠ ᠪᠦᠷᠢᠳᠭᠡᠭᠦᠯᠦᠭᠰᠡᠨ ᠬᠦᠮᠦᠨ ᠤ ᠲᠤᠭ᠎ᠠ 11 ᠵᠢᠯ ᠳᠠᠷᠠᠭᠠᠯᠠᠨ ᠪᠠᠭᠤᠷᠠᠪᠠ᠃ ᠲᠦᠯᠦᠪᠯᠡᠭᠡ ᠶᠤᠰᠤᠭᠠᠷ᠂ ᠦᠨᠦ ᠵᠢᠯ ᠭᠤᠷᠪᠠᠳᠤᠭᠠᠷ ᠪᠤᠱᠤᠭ᠎ᠠ ᠶᠢᠨ ᠡᠯᠰᠡᠯᠲᠡ ᠶᠢ ᠦᠭᠡᠶᠢᠰᠭᠡᠵᠤ᠂ ᠬᠤᠶᠠᠳᠤᠭᠠᠷ ᠪᠤᠱᠤᠭ᠎ᠠ ᠪᠤᠯᠤᠨ ᠭᠤᠷᠪᠠᠳᠤᠭᠠᠷ ᠪᠤᠱᠤᠭ᠎ᠠ ᠶᠢ ᠨᠡᠶᠢᠯᠡᠭᠦᠯᠦᠨ᠎ᠠ᠃

    ᠡᠭᠦᠨ ᠡᠴᠡ ᠭᠠᠳᠠᠨ᠎ᠠ᠂ ᠦᠨᠦ ᠵᠢᠯ《 ᠴᠦᠬᠡᠨ ᠲᠤᠭᠠᠲᠤ ᠦᠨᠳᠦᠰᠦᠲᠡᠨ ᠳᠤ ᠬᠤᠪᠢ ᠨᠡᠮᠡᠬᠦ ᠲᠦᠰᠦᠯ  ᠢ ᠴᠢᠩᠭ᠋ᠠᠳᠬᠠᠨ᠎ᠠ᠂ ᠬᠤᠪᠢ ᠨᠡᠮᠡᠬᠦ ᠰᠤᠷᠤᠭᠴᠢᠳ ᠤᠨ ᠬᠦᠷᠢᠶ᠎ᠠ ᠴᠠᠷ᠎ᠠ ᠳᠤ《 ᠬᠢᠯᠢ ᠬᠢᠵᠠᠭᠠᠷ᠂ ᠠᠭᠤᠯᠠᠷᠬᠠᠭ ᠪᠦᠰᠠ ᠨᠤᠲᠤᠭ᠂ ᠮᠠᠯᠵᠢᠬᠤ ᠤᠷᠤᠨ᠂ ᠴᠦᠬᠡᠨ ᠲᠤᠭᠠᠲᠤ ᠦᠨᠳᠦᠰᠦᠲᠡᠨ ᠲᠦᠪᠯᠡᠷᠡᠨ ᠰᠠᠭᠤᠷᠢᠰᠢᠬᠰᠠᠨ ᠪᠦᠰᠡ ᠨᠤᠲᠤᠭ ᠤᠨ ᠲᠡᠬᠡᠲᠤ ᠳᠤᠮᠳᠠᠳᠤ ᠶᠢᠨ ᠬᠤᠭᠤᠴᠠᠭᠠᠨ ᠳᠤ ᠪᠡᠨ ᠪᠡᠭᠡᠵᠢᠩ ᠬᠤᠲᠠ ᠳᠤ ᠰᠢᠯᠵᠢᠨ ᠰᠤᠷᠤᠯᠴᠠᠭᠰᠠᠨ ᠴᠦᠬᠡᠨ ᠲᠤᠭᠠᠲᠤ ᠦᠨᠳᠦᠰᠦᠲᠡᠨ ᠤ ᠰᠢᠯᠭᠠᠭᠤᠯᠤᠭᠰᠠᠳ》 ᠪᠠᠭᠲᠠᠨ᠎ᠠ᠃ 5 ᠬᠤᠪᠢ ᠨᠡᠮᠡᠬᠦ ᠬᠠᠷᠠᠭᠠᠯᠵᠠᠯ ᠲᠠᠢ᠂ ᠡᠨᠡ ᠨᠢ ᠵᠦᠪᠬᠡᠨ ᠬᠤᠲᠠ ᠶᠢᠨ ᠶᠡᠬᠡ ᠲᠡᠭᠡᠲᠤ ᠰᠤᠷᠭᠠᠭᠤᠯᠢ ᠶᠢᠨ ᠡᠯᠰᠡᠯᠲᠠ ᠳᠤ ᠬᠡᠷᠡᠭᠵᠢᠭᠦᠯᠦᠭᠳᠡᠨ᠎ᠠ᠃ ᠬᠢᠲᠠᠳ ᠦᠨᠳᠦᠰᠦᠲᠡᠨ ᠤ ᠪᠦᠰᠡ ᠨᠤᠲᠤᠭ ᠲᠤ ᠲᠠᠷᠬᠠᠨ ᠰᠠᠭᠤᠵᠤ ᠪᠠᠶᠢᠭ᠎ᠠ ᠴᠦᠬᠡᠨ ᠲᠤᠭᠠᠲᠤ ᠦᠨᠳᠤᠰᠦᠲᠡᠨ ᠢ ᠡᠩ ᠲᠡᠷᠢᠭᠦᠨ ᠳᠤ ᠡᠯᠰᠡᠨ᠎ᠠ᠃ ( ᠳᠠᠳᠤᠯᠭ᠎ᠠ ᠶᠢᠨ ᠨᠠᠶᠢᠷᠠᠭᠤᠯᠤᠭᠴᠢ ᠬᠡᠤᠬᠡᠨᠰᠤᠯᠢ ᠤᠷᠴᠢᠭᠤᠯᠪᠠ)

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011100001120724065