蒙古文网站Logo
ᠰᠢᠨᠬᠤᠸᠠ ᠮᠤᠩᠭ᠋ᠤᠯ ᠨᠧᠲ

ᠨᠢᠬᠡᠳᠣᠬᠡᠷ ᠣᠯᠠᠷᠢᠯ ᠤᠨ ᠠᠵᠢᠯ ᠣᠯᠭᠣᠯᠳᠠ ᠶ᠋ᠢᠨ ᠪᠠᠶᠢᠳᠠᠯ ᠨᠡᠯᠢᠶᠡᠳ ᠰᠠᠶᠢᠨ ᠪᠠᠶᠢᠨ᠎ᠠ

2017-04-27 10:56

    ᠳᠤᠮᠳᠠᠳᠤ ᠤᠯᠤᠰ ᠤᠨ ᠮᠣᠩᠭᠣᠯ ᠷᠠᠳᠢᠣ᠋ ᠰᠦᠯᠵᠢᠶ᠎ᠡ ᠶᠢᠨ 4 ᠰᠠᠷ᠎ᠠ ᠶᠢᠨ 26 ‍ᠤ ᠡᠳᠦᠷ ᠦᠨ ᠮᠡᠳᠡᠭᠡ ᠶᠢ ᠦᠨᠳᠦᠰᠦᠯᠡᠪᠡᠯ᠂ ᠡᠨᠡ ᠵᠢᠯ ᠤᠨ 1 ᠡᠴᠠ 3 ᠳ᠋ᠣᠭᠠᠷ ᠰᠠᠷ᠎ᠠ ᠳᠤ ᠮᠠᠨ ᠤ ᠣᠯᠣᠰ ᠤᠨ ᠬᠣᠳᠠ ᠪᠠᠯᠭᠠᠰᠣᠨ ᠤ ᠰᠢᠨ᠎ᠡ ᠪᠠᠷ ᠠᠵᠢᠯ ᠣᠯᠣᠭᠰᠠᠨ ᠬᠦᠮᠦᠨ 334 ᠲᠦᠮᠡ ᠳ᠋ᠤ ᠬᠦᠷᠴᠣ᠂ ᠨᠢᠳᠣᠨᠣᠨ ᠤ ᠠᠳᠠᠯᠢ ᠬᠣᠭᠣᠴᠠᠭᠠᠨ ᠤ ᠬᠢ ᠡᠴᠠ 16 ᠲᠦᠮᠡ ᠨᠡᠮᠡᠭᠳᠡᠨ᠂ ᠨᠡᠮᠡᠭᠳᠡᠯ ᠤᠨ ᠬᠡᠮᠵᠢᠶ᠎ᠡ ᠨᠢᠳᠣᠨᠣᠨ ᠤ ᠬᠢ ᠡᠴᠠ ᠳᠠᠪᠠᠭᠰᠠᠨ ᠪᠠᠶᠢᠨ᠎ᠠ᠃

    ᠬᠦᠮᠦᠨ ᠤ ᠨᠦᠬᠡᠴᠠ ᠪᠠ ᠨᠡᠶᠢᠬᠡᠮ ᠤᠨ ᠪᠠᠳᠣᠯᠠᠭ᠎ᠠ ᠶᠢᠨ ᠶᠠᠮᠣᠨ ᠤ ᠬᠡᠪᠯᠡᠯ ᠮᠡᠳᠡᠬᠡᠯᠡᠯ ᠤᠨ ᠦᠬᠦᠯᠡᠭᠴᠢ ᠯᠤ ᠠᠢ ᠬᠣᠩ ᠳᠠᠨᠢᠯᠴᠠᠭᠣᠯᠬᠣ ᠳ᠋ᠠᠭᠠᠨ᠂ ᠡᠨᠡ ᠵᠢᠯ ᠤᠨ ᠨᠢᠭᠡᠳᠣᠬᠡᠷ ᠣᠯᠠᠷᠢᠯ ᠤᠨ ᠠᠵᠢᠯ ᠣᠯᠭᠣᠯᠳᠠ ᠶᠢᠨ ᠣᠯᠠᠨ ᠲᠦᠷᠦᠯ ᠤᠨ ᠵᠢᠭᠠᠯᠳᠠ ᠳᠣᠭ᠎ᠠ ᠨᠡᠯᠢᠶᠡᠳ ᠰᠠᠶᠢᠨ ᠪᠠᠶᠢᠨ᠎ᠠ ᠭᠡᠵᠡᠢ᠃ ᠨᠢᠭᠡᠳᠣᠬᠡᠷ ᠣᠯᠠᠷᠢᠯ ᠤᠨ ᠰᠡᠬᠦᠯᠴᠢ ᠪᠣᠯᠳᠠᠯ᠎ᠠ ᠣᠯᠣᠰ ᠲᠠᠶᠠᠭᠠᠷ ᠤᠨ ᠬᠣᠲᠠ ᠪᠠᠯᠭᠠᠰᠣᠨ ᠳ᠋ᠤ ᠳᠠᠩᠰᠠᠯᠠᠨ ᠪᠦᠷᠢᠳᠬᠡᠭᠰᠡᠨ ᠠᠵᠢᠯ ᠠᠯᠳᠠᠭᠰᠠᠨ ᠨᠣᠷᠮ᠎ᠠ ᠵᠠᠭᠣᠨ ᠤ 3.97 ᠪᠣᠯᠵᠣ᠂ ᠳᠡᠭᠡᠷ᠎ᠡ ᠰᠠᠷ᠎ᠠ ᠶᠢᠨ ᠬᠢ ᠡᠴᠠ ᠵᠠᠭᠣᠨ ᠤ 0.05 ᠪᠠᠷ ᠪᠠᠭᠣᠷᠠᠵᠣ᠂ ᠨᠢᠳᠣᠨᠣᠨ ᠤ ᠠᠳᠠᠯᠢ ᠬᠣᠭᠣᠴᠠᠭᠠᠨ ᠤ ᠬᠢ ᠡᠴᠠ ᠵᠠᠭᠣᠨ ᠤ 0.07 ᠪᠠᠷ ᠪᠠᠭᠣᠷᠠᠭᠰᠠᠨ ᠪᠠᠶᠢᠨ᠎ᠠ᠃ ᠡᠨᠡ ᠪᠣᠯ ᠣᠶᠢᠷ᠎ᠠ ᠶᠢᠨ ᠵᠢᠯ ᠳ᠋ᠤ ᠬᠣᠲᠠ ᠪᠠᠯᠭᠠᠰᠣᠨ ᠳ᠋ᠤ ᠳᠠᠩᠰᠠᠯᠠᠨ ᠪᠦᠷᠢᠳᠬᠡᠭᠰᠡᠨ ᠠᠵᠢᠯ ᠠᠯᠳᠠᠭᠰᠠᠨ ᠨᠣᠷᠮ᠎ᠠ ᠠᠩᠬ᠎ᠠ ᠣᠳᠠᠭ᠎ᠠ ᠵᠠᠭᠣᠨ ᠤ 4 ᠡᠴᠠ ᠳᠣᠷᠣᠭᠰᠢ ᠪᠣᠯᠣᠭᠰᠠᠨ ᠶᠠᠪᠣᠳᠠᠯ ᠪᠠᠶᠢᠵᠣ᠂ ᠣᠶᠢᠷ᠎ᠠ ᠶᠢᠨ ᠵᠢᠯ ᠤᠨ ᠰᠢᠨ᠎ᠡ ᠳᠡᠮᠳᠡᠭᠯᠡᠯ ᠢ ᠡᠬᠦᠳᠴᠠᠢ᠃

    ᠣᠶᠢᠯᠠᠭᠠᠭᠰᠠᠨ ᠢᠶᠠᠷ᠂ ᠡᠨᠡ ᠵᠢᠯ ᠶᠡᠬᠡ ᠳᠡᠭᠡᠳᠣ ᠰᠣᠷᠭᠠᠭᠣᠯᠢ ᠡᠴᠠ ᠳᠡᠬᠦᠰᠬᠦ ᠣᠶᠣᠳᠠᠨ 759 ᠲᠦᠮᠡ ᠳ᠋ᠤ ᠬᠦᠷᠴᠣ᠂ ᠬᠦᠷᠢᠶ᠎ᠡ ᠬᠡᠪᠴᠢᠶ᠎ᠡ ᠪᠠᠷ ᠢᠶᠠᠨ ᠡᠨᠡ ᠵᠢᠯ ᠤᠨ ᠰᠢᠨ᠎ᠡ ᠪᠠᠷ ᠨᠡᠮᠡᠭᠳᠡᠭᠰᠡᠨ ᠬᠦᠳᠡᠯᠮᠦᠷᠢ ᠬᠦᠴᠦᠨ ᠤ ᠬᠠᠭᠠᠰ ᠡᠴᠠ ᠳᠠᠪᠠᠬᠣ ᠶᠣᠮ ᠪᠠᠶᠢᠨ᠎ᠠ᠃ ᠶᠡᠬᠡ ᠳᠡᠭᠡᠳᠣ ᠰᠣᠷᠭᠠᠭᠣᠯᠢ ᠡᠴᠠ ᠳᠡᠬᠦᠰᠬᠦ ᠣᠶᠣᠳᠠᠳ ᠤᠨ ᠠᠵᠢᠯ ᠣᠯᠵᠣ ᠠᠳᠠᠯ ᠦᠢᠯᠡᠰ ᠪᠣᠰᠬᠠᠬᠣ ᠶᠢ ᠠᠬᠢᠭᠣᠯᠬᠣ ᠶᠢᠨ ᠲᠦᠯᠦᠬᠡ ᠡᠨᠡ ᠵᠢᠯ ᠶᠡᠬᠡ ᠳᠡᠭᠡᠳᠣ ᠰᠣᠷᠭᠠᠭᠣᠯᠢ ᠡᠴᠠ ᠳᠡᠬᠦᠰᠬᠦ ᠣᠶᠣᠳᠠᠳ ᠤᠨ ᠠᠵᠢᠯ ᠣᠯᠵᠣ ᠠᠳᠠᠯ ᠦᠢᠯᠡᠰ ᠪᠣᠰᠬᠠᠬᠣ ᠰᠢᠨ᠎ᠡ ᠪᠠᠶᠢᠳᠠᠯ ᠰᠢᠨ᠎ᠡ ᠣᠨᠴᠠᠯᠢᠭ ᠢ ᠦᠨᠳᠣᠰᠣᠯᠡᠵᠦ᠂ ᠬᠠᠨᠳᠣᠯᠭᠠᠳᠣ ᠴᠢᠨᠠᠷᠳᠠᠢ ᠲᠦᠷᠦ ᠶᠢᠨ ᠪᠣᠳᠣᠯᠭ᠎ᠠ ᠠᠷᠭ᠎ᠠ ᠬᠡᠮᠵᠢᠶ᠎ᠡ ᠶᠢ ᠪᠦᠷᠢᠨᠰᠬᠦᠯᠵᠦ᠂ ᠭᠡᠷ ᠪᠦᠯᠢ ᠶᠢᠨ ᠠᠮᠢᠳᠣᠷᠠᠯ ᠨᠢ ᠬᠦᠴᠢᠷᠳᠡᠢ᠂ ᠣᠷᠳᠣ ᠬᠣᠭᠣᠴᠠᠭ᠎ᠠ ᠪᠠᠷ ᠠᠵᠢᠯ ᠠᠯᠳᠠᠭᠰᠠᠨ ᠵᠡᠷᠭᠡ ᠠᠵᠢᠯ ᠣᠯᠬᠣ ᠳ᠋ᠤ ᠬᠦᠴᠢᠷᠳᠡᠢ ᠪᠠᠶᠢᠭ᠎ᠠ ᠶᠡᠬᠡ ᠳᠡᠭᠡᠳᠣ ᠰᠣᠷᠭᠠᠭᠣᠯᠢ ᠡᠴᠠ ᠳᠡᠬᠦᠰᠬᠦ ᠣᠶᠣᠳᠠᠳ ᠲᠤ ᠳᠣᠰᠬᠠᠢ ᠳᠡᠮᠵᠢᠯᠬᠡ ᠦᠵᠡᠬᠦᠯᠵᠦ᠂ ᠠᠵᠢᠯ ᠤᠨ ᠪᠠᠶᠢᠷᠢ ᠳᠠᠨᠢᠯᠴᠠᠭᠣᠯᠬᠣ᠂ ᠳᠣᠬᠠᠶᠢᠯᠠᠭᠰᠠᠨ ᠠᠵᠢᠯ ᠤᠨ ᠪᠣᠯᠪᠠᠰᠣᠷᠠᠯ ᠮᠡᠷᠬᠡᠵᠢᠯ ᠬᠦᠷᠳᠡᠬᠡᠬᠦ᠂ ᠠᠳᠠᠯ ᠦᠢᠯᠡᠰ ᠪᠣᠰᠬᠠᠬᠣ ᠳ᠋ᠤ ᠨᠢ ᠳᠡᠮᠵᠢᠯᠬᠡ ᠬᠠᠩᠭᠠᠬᠣ ᠵᠡᠷᠭᠡ ᠳᠠᠯ᠎ᠠ ᠪᠠᠷ ᠪᠦᠷ ᠣᠷᠢᠳᠠᠪᠠᠷ ᠳᠣᠰᠠᠯᠠᠮᠵᠢ ᠦᠵᠡᠬᠦᠯᠬᠦ ᠪᠣᠯᠣᠨ᠎ᠠ᠃

ᠢᠷᠡᠯᠳᠡ᠄ ᠳᠤᠮᠳᠠᠳᠤ ᠤᠯᠤᠰ ᠤᠨ ᠮᠣᠩᠭᠣᠯ ᠷᠠᠳᠢᠣ᠋ ᠰᠦᠯᠵᠢᠶ᠎ᠡ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120701120883133