ᠥᠨᠥ ᠵᠢᠯ ᠴᠡᠷᠢᠭ ᠤᠨ ᠶᠡᠬᠡ ᠳᠡᠭᠡᠲᠤ ᠰᠤᠷᠭᠠᠭᠤᠯᠢ ᠡᠩ ᠤᠨ ᠦᠨᠳᠦᠷ ᠳᠤᠮᠳᠠᠳᠤ ᠲᠡᠭᠦᠰᠬᠦ ᠰᠤᠷᠤᠭᠴᠢᠳ ᠡᠴᠡ 1.2 ᠲᠦᠮᠡᠨ ᠰᠤᠷᠤᠬᠴᠢ ᠡᠯᠰᠡᠬᠦ ᠪᠡᠷ ᠲᠦᠯᠦᠪᠯᠡᠵᠤ ᠪᠤᠢ 2017-05-27 16:13

    ᠰᠢᠨᠬᠤᠧᠠ ᠬᠤᠷᠢᠶ᠎ᠠ  ᠪᠡᠬᠡᠵᠢᠩ ᠤᠨ 5 ᠰᠠᠷ᠎ᠠ ᠶᠢᠨ 26 ᠤ ᠡᠳᠦᠷ ᠤᠨ ᠴᠠᠬᠢᠯᠭᠠᠨ ᠮᠡᠳᠡᠭᠡ 2017 ᠤᠨ ᠤ ᠪᠦᠬᠦ ᠴᠡᠷᠢᠭ ᠪᠤᠯᠤᠨ ᠵᠡᠪᠰᠡᠭᠲᠤ ᠴᠠᠭᠳᠠᠭᠠᠨ ᠤ ᠶᠡᠬᠡ ᠳᠡᠭᠡᠲᠤ ᠰᠤᠷᠭᠠᠭᠤᠯᠢ ᠤᠶᠢᠷ᠎ᠠ ᠳᠤ ᠰᠤᠷᠤᠬᠴᠢ ᠡᠯᠰᠡᠬᠦ ᠲᠦᠯᠦᠪᠯᠡᠬᠡ ᠪᠡᠨ ᠵᠠᠷᠯᠠᠪᠠ᠂ 36 ᠴᠡᠷᠢᠭ ᠤᠨ ᠶᠡᠬᠡ ᠳᠡᠭᠡᠲᠤ ᠰᠤᠷᠭᠠᠭᠤᠯᠢ ᠨᠠᠶᠢᠲᠠ 3.09 ᠲᠦᠮᠡᠨ ᠰᠤᠷᠤᠭᠴᠢ ᠡᠯᠰᠡᠬᠦ ᠪᠡᠷ ᠲᠦᠯᠦᠪᠯᠡᠵᠡᠢ᠃ ᠡᠬᠦᠨ ᠳᠤ᠂ ᠡᠩ ᠤᠨ ᠦᠨᠳᠦᠷ ᠳᠤᠮᠳᠠᠳᠤ ᠲᠡᠭᠦᠰᠬᠦ ᠰᠤᠷᠤᠭᠴᠢᠳ ᠡᠴᠡ 1.2 ᠲᠦᠮᠡ ᠂ ᠴᠡᠷᠢᠭ ᠤᠨ ᠰᠤᠷᠭᠠᠭᠤᠯᠢ ᠳ᠋ᠦ ᠰᠤᠷᠤᠯᠴᠠᠭ᠎ᠠ ᠳᠠᠷᠤᠭ᠎ᠠ ᠪᠠᠶᠢᠯᠳᠤᠭᠴᠢ ᠡᠴᠡ 0.48 ᠲᠦᠮᠡ ᠂ ᠪᠠᠭ᠎ᠠ ᠤᠹᠢᠼᠧᠷ ᠡᠴᠡ 1.41 ᠲᠦᠮᠡ ᠡᠯᠰᠡᠨ᠎ᠠ᠂ ᠡᠩ ᠤᠨ ᠦᠨᠳᠦᠷ ᠳᠤᠮᠳᠠᠳᠤ ᠲᠡᠭᠦᠰᠬᠦ ᠰᠤᠷᠤᠭᠴᠢᠳ ᠡᠴᠡ ᠴᠢᠭᠯᠡᠯ ᠲᠠᠢ ᠡᠯᠰᠡᠬᠦ ᠪᠡᠨ ᠪᠣᠯᠢᠬᠤ ᠪᠦᠭᠡᠳ ᠰᠤᠷᠭᠠᠭᠤᠯᠢ ᠳᠤ ᠰᠤᠷᠤᠯᠴᠠᠭ᠎ᠠ ᠤᠶᠤᠲᠠᠳ ᠡᠴᠡ ᠤᠯᠤᠰ ᠤᠨ ᠪᠠᠳᠤᠯᠠᠨ ᠬᠠᠮᠠᠭᠠᠯᠠᠯᠳᠠ ᠵᠢᠨ ᠰᠤᠷᠤᠬᠴᠢ ᠰᠢᠯᠭᠠᠷᠠᠭᠤᠯᠵᠤ ᠰᠤᠩᠭ᠋ᠤᠬᠤ ᠦᠬᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
010070230030000000000000011100001121049977