蒙古文网站Logo
ᠰᠢᠨᠬᠤᠸᠠ ᠮᠤᠩᠭ᠋ᠤᠯ ᠨᠧᠲ

ᠳᠡᠷᠡ ᠵᠢᠯ ᠤᠨ ᠰᠢᠯᠭᠠᠯᠳᠠ - ᠶᠡᠬᠡ ᠲᠡᠭᠡᠲᠤ ᠰᠤᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠶᠢᠨ ᠳᠤᠷᠠᠳᠬᠠᠯ

2017-06-06 09:45

    ᠶᠡᠬᠡ ᠲᠡᠭᠡᠲᠤ ᠰᠤᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠶᠢ ᠤᠳᠤᠬᠠᠨ ᠳᠤ ᠬᠦᠮᠦᠰ ᠨᠢᠬᠡ ᠰᠢᠯᠭᠠᠯᠲᠠ ᠪᠡᠷ ᠬᠤᠪᠢ ᠵᠠᠶᠠᠭ᠎ᠠ ᠶᠢ ᠰᠶ᠋ᠢᠳᠪᠦᠷᠢᠯᠡᠬᠦ ᠰᠢᠯᠭᠠᠯᠲᠠ ᠭᠡᠵᠤ ᠪᠠᠶᠢᠨ᠎ᠠ᠃ ᠲᠡᠷᠡ ᠰᠢᠯᠭᠠᠯᠲᠠ ᠨᠢ 40 ᠵᠢᠯ ᠤᠨ ᠡᠮᠦᠨ᠎ᠠ ᠨᠠᠳᠠ ᠳᠤ ᠲᠤᠬᠢᠶᠠᠯᠳᠤᠵᠤ ᠪᠢᠯᠡ᠃ ᠲᠡᠷᠡ ᠨᠢ 1977 ᠤᠨ ᠤ ᠵᠢᠯ ᠤᠨ ᠡᠴᠦᠰ ᠤᠨ ᠤᠴᠢᠷ ᠶᠤᠮ᠃

    1977 ᠤᠨ ᠤ 8 ᠰᠠᠷ᠎ᠠ ᠶᠢᠨ 2 ᠤᠨ ᠡᠳᠦᠷ ᠳ᠋ᠧᠩ ᠰᠢᠶᠤᠤ ᠫᠢᠩ ᠨᠦᠬᠦᠷ《 ᠤᠯᠤᠰ ᠳᠠᠶᠠᠭᠠᠷ ᠤᠨ ᠰᠢᠨᠵᠢᠯᠡᠬᠦ ᠤᠬᠠᠭᠠᠨ ᠰᠤᠷᠭᠠᠨ ᠬᠦᠮᠦᠵᠢᠯ ᠤᠨ ᠠᠵᠢᠯ ᠤᠨ ᠬᠤᠷᠠᠯ》 ᠳᠡᠭᠡᠷ᠎ᠠ ᠶᠡᠬᠡ ᠲᠡᠭᠡᠲᠤ ᠰᠤᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠶᠢ ᠰᠡᠷᠭᠦᠬᠡᠬᠦ ᠪᠡᠷ ᠲᠤᠩᠬᠠᠭᠯᠠᠪᠠ᠃ ᠡᠶᠢᠨᠬᠦ 1977 ᠤᠨ ᠤ ᠡᠪᠤᠯ ᠤᠯᠤᠰ ᠡᠴᠡ 《 ᠶᠡᠬᠡ ᠲᠡᠭᠡᠲᠤ ᠰᠤᠷᠭᠠᠭᠤᠯᠢ ᠳᠤ ᠰᠢᠯᠭᠠᠯᠲᠠ ᠪᠡᠷ ᠰᠤᠷᠤᠭᠴᠢ ᠡᠯᠰᠡᠬᠦ ᠤᠯᠤᠰ ᠤᠨ ᠨᠢᠭᠡᠳᠦᠯᠲᠠᠢ ᠰᠢᠯᠭᠠᠯᠲᠠ》 ᠶ᠋ᠢ ᠰᠡᠷᠭᠦᠭᠡᠵᠤ᠂ ᠶᠡᠬᠡ ᠰᠤᠷᠭᠠᠭᠤᠯᠢ ᠳᠤ ᠰᠢᠯᠭᠠᠯᠲᠠ ᠪᠡᠷ ᠳᠠᠮᠵᠢᠨ ᠰᠤᠷᠤᠭᠴᠢ ᠡᠯᠰᠡᠬᠦ ᠪᠤᠯᠵᠤ᠂ ᠤᠤᠯ ᠤᠨ ᠠᠵᠢᠯᠴᠢᠨ ᠲᠠᠷᠢᠶᠠᠴᠢᠨ ᠴᠡᠷᠢᠭ᠌ ᠤᠨ ᠰᠤᠷᠤᠭᠴᠢ ᠡᠯᠰᠡᠬᠦ ᠳᠦᠷᠢᠮ ᠢ ᠬᠦᠴᠦᠨ ᠦᠭᠡᠢ ᠪᠤᠯᠭᠠᠪᠠ᠃ ᠡᠨᠡ ᠨᠢ ᠬᠦᠮᠦᠰ ᠲᠤ ᠡᠷᠬᠡ ᠲᠡᠭᠰᠢ ᠦᠷᠢᠰᠦᠯᠳᠦᠬᠦ ᠠᠵᠠ ᠲᠤᠬᠢᠶᠠᠯ ᠤᠯᠭᠤᠯ᠎ᠠ᠃ ᠡᠬᠦᠨ ᠡᠴᠡ ᠡᠮᠦᠨ᠎ᠠ《ᠰᠤᠶᠤᠯ ᠤᠨ ᠶᠡᠬᠡ ᠬᠤᠪᠢᠰᠬᠠᠯ》  ᠤ᠋ᠨ ᠦᠶ᠎ᠡ ᠪᠡᠷ᠂ ᠶᠡᠬᠡ ᠲᠡᠭᠡᠲᠤ ᠰᠤᠷᠭᠠᠭᠤᠯᠢ ᠳᠤ ᠰᠤᠷᠤᠭᠴᠢ ᠡᠯᠰᠡᠬᠦ ᠤᠯᠤᠰ ᠤᠨ ᠨᠢᠬᠡᠳᠦᠯᠳᠡᠢ ᠰᠢᠯᠭᠠᠯᠲᠠ 11 ᠵᠢᠯ ᠳᠠᠰᠤᠯᠳᠠᠭᠰᠠᠨ ᠪᠢᠯᠡ᠃

    1977 ᠤᠨ ᠤ ᠡᠪᠤᠯ ᠦᠪᠦᠷ ᠮᠣᠩᠭᠣᠯ ᠳᠤ ᠶᠡᠬᠡ ᠴᠠᠰᠤ ᠤᠷᠤᠵᠤ᠂ ᠤᠯᠠᠩᠬᠢ ᠭᠠᠵᠠᠷ ᠴᠠᠭᠠᠨ ᠵᠤᠳ ᠪᠤᠯᠵᠤ᠂ ᠶᠡᠷᠦ ᠡᠴᠡ ᠪᠡᠨ ᠮᠠᠭᠤ ᠪᠠᠶᠢᠭᠰᠠᠨ ᠵᠠᠮ ᠬᠠᠷᠢᠯᠴᠠᠭ᠎ᠠ ᠪᠦᠷ ᠬᠠᠭᠠᠭᠳᠠᠬᠤ ᠬᠡᠮᠵᠢᠶᠡᠨ ᠳᠤ ᠬᠦᠷᠴᠠᠢ᠃ 1976 ᠤᠨ ᠳᠤ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ ᠨᠢᠭᠡᠳᠦᠭᠡᠷ ᠳᠤᠮᠳᠠᠳᠤ ᠰᠤᠷᠭᠠᠭᠤᠯᠢ ᠡᠴᠡ ᠲᠡᠭᠡᠲᠤ ᠳᠤᠮᠳᠠᠳᠤ ᠪᠡᠨ ᠲᠡᠭᠦᠰᠭᠡᠨ ᠬᠦᠳᠡᠭᠡ ᠭᠡᠷ ᠲᠤ ᠪᠡᠨ ᠬᠠᠷᠢᠵᠤ ᠮᠠᠯᠴᠢᠨ ᠪᠤᠯᠤᠭᠰᠠᠨ ᠪᠢ ᠳᠠᠮ ᠳᠠᠮ ᠢᠶᠡᠷ ᠰᠤᠷᠠᠭ ᠬᠠᠶᠢᠵᠤ᠂ ᠶᠡᠬᠡ ᠲᠡᠭᠡᠲᠤ ᠰᠤᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠳᠤ ᠨᠡᠷ᠎ᠠ ᠮᠡᠳᠡᠭᠦᠯᠵᠤ ᠪᠠᠶᠢᠨ᠎ᠠ ᠭᠡᠰᠡᠨ ᠴᠢᠮᠡᠭᠡ ᠰᠤᠨᠤᠰᠴᠤ᠂ ᠰᠤᠮᠤᠨ ᠳᠤ ᠬᠦᠷᠴᠤ ᠨᠡᠷ᠎ᠠ ᠪᠡᠨ ᠮᠡᠳᠡᠭᠦᠯᠦᠨ ᠳᠠᠪᠲᠠᠬᠤ ᠨᠤᠮ ᠤᠯᠬᠤ ᠪᠡᠷ ᠬᠤᠰᠢᠭᠤᠨ ᠳᠤ ᠬᠦᠷᠴᠤ ᠠᠩᠭᠢ ᠶᠢᠨ ᠪᠠᠭᠰᠢ ᠪᠡᠨ ᠡᠷᠢᠯ᠎ᠠ᠃ ᠪᠠᠭᠰᠢ ᠨᠠᠮ᠎ᠠ ᠶᠢ ᠤᠷᠤᠶᠢᠲᠠᠴᠢᠬᠠᠯ᠎ᠠ᠂ ᠬᠦᠮᠦᠰ ᠲᠠᠪᠲᠠᠭᠠᠳ ᠤᠳᠠᠵᠤ ᠪᠠᠶᠢᠨ᠎ᠠ᠂ ᠶᠠᠭᠤ ᠬᠢᠵᠤ ᠪᠠᠶᠢᠭᠰᠠᠨ ᠪᠤᠢ ᠭᠡᠵᠤ ᠵᠢᠮᠡᠯᠡᠭᠰᠡᠨ ᠢᠶᠡᠨ ᠡᠨᠳᠡ ᠲᠡᠨᠳᠡ ᠡᠴᠡ ᠡᠷᠢᠵᠤ ᠪᠠᠶᠢᠭᠠᠳ ᠬᠡᠳᠦᠨ ᠲᠡᠪᠲᠡᠷ ᠬᠢᠴᠢᠶᠡᠯ ᠤᠨ ᠪᠢᠴᠢᠭ᠌ ᠤᠯᠵᠤ ᠦᠭ᠍ᠪᠠ᠃ ᠤᠳᠤ ᠶᠢᠨ ᠰᠤᠷᠤᠭᠴᠢ ᠪᠠᠷᠤᠬ ᠢᠲᠡᠭᠡᠬᠦ ᠦᠭᠡᠢ ᠪᠠᠶᠢᠵᠤ ᠮᠡᠳᠡᠨ᠎ᠠ᠃ ᠲᠡᠷᠡ ᠦᠶ᠎ᠠ ᠳᠤ ᠳᠤᠮᠳᠠᠳᠤ ᠰᠤᠷᠭᠠᠭᠤᠯᠢ ᠶᠢᠨ ᠨᠢᠭᠡ ᠲᠦᠬᠦᠷ ᠬᠢᠴᠢᠶᠡᠯ ᠤᠨ ᠪᠢᠴᠢᠭ᠌ ᠤᠯᠬᠤ ᠬᠡᠵᠤ ᠦᠨᠡᠭᠡᠷ ᠬᠦᠴᠢᠷ ᠪᠠᠶᠢᠪᠠ᠃ ᠲᠡᠭᠡᠭᠡᠳ ᠪᠢ ᠬᠤᠰᠢᠭᠤᠨ ᠳᠤ ᠨᠢᠭᠡ ᠬᠤᠨᠤᠵᠤ᠂ ᠬᠢᠴᠢᠶᠡᠯ ᠤᠨ ᠪᠠᠭᠰᠢ᠂ ᠬᠠᠮᠲᠤ ᠰᠤᠷᠤᠭᠴᠢ ᠲᠠᠢ ᠪᠡᠨ ᠠᠭᠤᠯᠵᠠᠵᠤ᠂ ᠬᠤᠯᠪᠤᠭᠳᠠᠯ ᠪᠦᠬᠦᠢ ᠮᠡᠳᠡᠭᠡ ᠰᠤᠷᠠᠭ ᠰᠤᠨᠤᠰᠴᠤ᠂ ᠤᠯᠤᠭᠰᠠᠨ ᠨᠤᠮ ᠢᠶᠡᠨ ᠠᠪᠴᠤ᠂ ᠳᠦᠴᠢᠨ ᠭᠠᠵᠠᠷ ᠠᠯᠬᠤᠵᠤ ᠬᠠᠷᠢᠭᠰᠠᠨ ᠪᠢᠯᠡ᠃

    ᠬᠠᠷᠢᠮᠠᠭᠴᠠ ᠪᠡᠨ ᠭᠠᠴᠠᠭᠠᠨ ᠤ ᠤᠳᠤᠷᠢᠳᠤᠯᠭ᠎ᠠ ᠳᠤ ᠲᠠᠪᠲᠠᠬᠤ ᠴᠢᠯᠦᠭᠡ ᠬᠡᠯᠡᠵᠤ᠂ ᠭᠡᠷ ᠲᠤ ᠪᠡᠨ ᠰᠠᠭᠤᠵᠤ᠂ ᠰᠠᠷ᠎ᠠ ᠰᠢᠬᠠᠮ ᠲᠠᠪᠲᠠᠭᠠᠳ 12 ᠰᠠᠷ᠎ᠠ ᠳᠤ ᠨᠢ ᠶᠡᠬᠡ ᠲᠡᠭᠡᠲᠤ ᠰᠤᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠳᠤ ᠤᠷᠤᠯᠴᠠᠯ᠎ᠠ᠃ ᠵᠡᠪᠰᠡᠭᠲᠤ ᠴᠡᠷᠢᠭ᠌ ᠤᠨ ᠬᠠᠷᠠᠭᠤᠯ ᠲᠠᠢ᠂ ᠰᠤᠮᠤ᠂ ᠬᠤᠰᠢᠭᠤᠨ ᠤ ᠬᠤᠯᠪᠤᠭᠲᠠᠯ ᠪᠦᠬᠦᠢ ᠬᠦᠮᠦᠰ ᠤᠨ ᠬᠢᠨᠠᠯᠲᠠ ᠲᠠᠢ᠂ ᠴᠢᠩᠭ᠎ᠠ ᠰᠠᠬᠢᠯᠭ᠎ᠠ ᠲᠠᠢ 2 ᠡᠳᠦᠷ ᠤᠨ ᠰᠢᠯᠭᠠᠯᠲᠠ ᠳᠤ ᠤᠷᠤᠯᠴᠠᠵᠤ ᠪᠢᠯᠡ᠃ ᠲᠡᠷᠡ ᠵᠢᠯ ᠤᠨ ᠰᠢᠯᠭᠠᠯᠳᠠ ᠳᠤ ᠮᠠᠨ ᠤ ᠰᠤᠮᠤᠨ( ᠪᠠᠶᠠᠨᠳᠠᠯ᠎ᠠ ᠰᠤᠮᠤ) ᠡᠴᠡ ᠶᠡᠷᠡᠭᠡᠳ ᠬᠦᠮᠦᠨ ᠰᠢᠯᠭᠠᠯᠳᠠ ᠳᠤ ᠤᠷᠤᠯᠴᠠᠵᠠᠢ᠃ ᠪᠠᠶᠢᠭᠠᠯᠢ ᠶᠢᠨ ᠰᠢᠨᠵᠢᠯᠡᠬᠡᠨ ᠤ ᠰᠢᠯᠭᠠᠯᠳᠠ ᠳᠤ 8 ᠬᠦᠮᠦᠨ ᠡᠴᠡ ᠪᠤᠰᠤᠳ ᠨᠢ ᠪᠦᠷ ᠨᠡᠶᠢᠬᠡᠮ ᠤᠨ ᠰᠢᠨᠵᠢᠯᠡᠬᠡᠨ ᠤ ᠰᠢᠯᠭᠠᠭᠤᠯᠤᠭᠴᠢ ᠪᠠᠶᠢᠭᠰᠠᠨ ᠶᠤᠮ᠃

    ᠰᠢᠯᠭᠠᠭᠤᠯᠵᠤ ᠪᠠᠷᠠᠭᠠᠳ ᠴᠢᠮᠡᠭᠡ ᠰᠤᠷᠠᠭ ᠭᠡᠵᠤ ᠳᠠᠭ ᠪᠤᠯᠤᠯ᠎ᠠ᠂ ᠪᠢ ᠴᠤ ᠤᠷᠤᠵᠤ ᠲᠡᠶᠢᠯᠦᠭᠰᠡᠨ ᠦᠭᠡᠢ ᠭᠡᠵᠤ ᠪᠤᠳᠤᠵᠤ᠂ ᠮᠠᠯ ᠢᠶᠡᠨ ᠬᠠᠷᠢᠭᠤᠯᠵᠤ᠂ ᠠᠷᠭᠠᠯ ᠲᠦᠯᠡᠭᠡ᠂ ᠬᠠᠮᠲᠤ ᠶᠢᠨ ᠠᠵᠢᠯ ᠳᠤ ᠶᠠᠭᠠᠷᠠᠵᠤ᠂ ᠨᠢᠭᠡ ᠮᠡᠳᠡᠬᠦ ᠳᠤ 1978 ᠤᠨ ᠤ ᠬᠠᠪᠤᠷ ᠪᠤᠯᠤᠭᠰᠠᠨ ᠪᠠᠶᠢᠯ᠎ᠠ᠃ ᠠᠪᠤ ᠡᠵᠢ ᠴᠤ ᠰᠢᠯᠭᠠᠵᠤ ᠤᠷᠤᠭᠰᠠᠨ ᠦᠭᠡᠢ ᠶᠤᠮ ᠴᠢᠨᠢ ᠪᠡᠷᠢ ᠬᠡᠯᠡᠯᠴᠡᠵᠤ᠂ ᠡᠷᠲᠡᠬᠡᠨ ᠠᠶᠢᠯ ᠪᠤᠯᠤᠭᠰᠠᠨ ᠨᠢ ᠲᠡᠭᠡᠷ᠎᠎ᠠ ᠭᠡᠵᠤ ᠰᠢᠬᠠᠬᠤ ᠪᠤᠯᠤᠯ᠎ᠠ᠃ ᠨᠡᠯᠢᠶᠡᠳ ᠤᠳᠠᠭᠠᠳ ᠬᠡᠨᠡᠳᠳᠡ ᠰᠤᠮᠤᠨ ᠡᠴᠡ ᠬᠤᠰᠢᠭᠤᠨ ᠳᠤ ᠤᠴᠢᠵᠤ ᠪᠡᠶ᠎ᠡ ᠶᠢᠨ ᠪᠠᠶᠢᠴᠠᠭᠠᠯᠳᠠ ᠬᠢᠯᠬᠡ ᠬᠡᠵᠤ ᠪᠠᠶᠢᠨ᠎ᠠ ᠬᠡᠰᠡᠨ ᠴᠢᠮᠡᠬᠡ ᠢᠷᠡᠭᠰᠡᠨ ᠳᠤ ᠪᠠᠶᠠᠷᠯᠠᠬᠤ ᠳᠤ ᠪᠠᠨ ᠪᠢ ᠲᠡᠭᠡᠷ᠎ᠡ ᠦᠰᠦᠷᠦᠯ᠎ᠡ᠃ ᠲᠡᠭᠡᠭᠡᠳ ᠰᠤᠮᠤᠨ ᠳᠤ ᠭᠠᠭᠴᠠᠭᠠᠷ ᠢᠶᠡᠨ ᠠᠯᠬᠤᠨ ᠬᠦᠷᠴᠤ ( ᠮᠡᠨ ᠤ ᠭᠡᠷ ᠡᠴᠡ ᠰᠤᠮᠤᠨ ᠳᠤ ᠬᠦᠷᠲᠡᠯ᠎ᠠ 18 ᠭᠠᠵᠠᠷ)᠂ ᠰᠤᠮᠤᠨ ᠤ ᠠᠮᠤ ᠪᠤᠳᠠᠭᠠᠨ ᠤ ᠦᠷᠲᠡᠭᠡᠨ ᠳᠤ ᠠᠵᠢᠯᠯᠠᠳᠠᠭ ᠠᠬ᠎ᠠ ᠶᠢᠨ ᠲᠡᠷᠭᠡᠲᠠ ᠬᠦᠷᠴᠤ᠂ ᠪᠤᠳᠠᠭ᠎ᠠ ᠵᠦᠭᠡᠭᠡᠳᠡᠭ ᠲᠡᠷᠭᠡ ᠤᠯᠵᠤ᠂ ᠬᠤᠰᠢᠭᠤᠨ ᠲᠦᠪ ᠲᠤ ᠬᠦᠷᠬᠦ ᠪᠡᠷ ᠪᠤᠯᠪᠠ᠃ ᠰᠠᠶᠢᠨ ᠤᠴᠢᠷ ᠲᠤ ᠰᠠᠭᠠᠳ ᠤᠯᠠᠨ ᠭᠡᠳᠡᠭ ᠢᠶᠡᠷ ᠲᠡᠷᠡ ᠵᠢᠯ ᠤᠨ ᠴᠠᠰᠤᠨ ᠳᠤ ᠠᠮᠤ ᠪᠤᠳᠠᠭ᠎ᠠ ᠵᠦᠭᠡᠭᠡᠳᠡᠭ ᠲᠡᠷᠭᠡ ᠴᠤ ᠶᠡᠷᠦ ᠶᠢᠨ ᠦᠶ᠎ᠠ ᠶᠢ ᠪᠤᠳᠤᠪᠠᠯ ᠬᠤᠯᠠ ᠴᠦᠬᠡᠨ ᠪᠤᠯᠤᠭᠰᠠᠨ ᠪᠠᠶᠢᠪᠠ᠃ ᠲᠡᠭᠡᠭᠡᠳ ᠭᠠᠴᠢᠭᠳᠠᠨ ᠬᠦᠯᠢᠶᠡᠵᠤ ᠪᠠᠶᠢᠲᠠᠯ᠎ᠠ ᠬᠤᠰᠢᠭᠤᠨ ᠳᠤ ᠪᠤᠳᠠᠭ᠎ᠠ ᠵᠦᠭᠡᠭᠡᠳᠡᠭ ᠨᠢᠭᠡ ᠭᠠᠷ ᠲ᠋ᠷᠠᠺᠲ᠋ᠤᠷ ᠢᠷᠡᠪᠡ᠃ ᠤᠳᠤ ᠶᠢᠨ ᠬᠤᠲᠠ ᠳᠤ ᠬᠦᠶᠦᠳᠡᠭ ᠭᠤᠷᠪᠠᠨ ᠬᠦᠷᠳᠤᠳᠤ ᠲᠡᠷᠭᠡ ᠲᠠᠢ ᠲᠦᠰᠦᠭᠡᠲᠠᠢ ᠪᠤᠯᠪᠠᠴᠤ ᠲᠤᠩ ᠪᠦᠲᠦᠭᠦᠯᠢᠭ᠌᠂ ᠤᠳᠤ ᠬᠠᠶᠠ ᠲᠠᠷᠢᠶᠠᠯᠠᠬᠤ ᠤᠷᠤᠨ ᠳᠤ ᠲᠠᠷᠢᠶ᠎ᠠ ᠲᠠᠷᠢᠬᠤ ᠳᠤ ᠲᠡᠶᠢᠮᠤ ᠰᠢᠭ᠌ ᠲ᠋ᠷᠠᠺᠲ᠋ᠤᠷ ᠬᠠᠷᠠᠭᠳᠠᠨ᠎ᠠ᠃ ᠲᠡᠷᠡ ᠬᠦᠢᠲᠡᠨ ᠳᠤ ᠲᠡᠶᠢᠮᠤ ᠨᠢᠭᠡ ᠵᠠᠳᠠᠭᠠᠢ ᠲ᠋ᠷᠠᠺᠲ᠋ᠤᠷ ᠲᠤ ᠰᠠᠭᠤᠵᠤ᠂ ᠳᠦᠴᠢᠨ ᠭᠠᠵᠠᠷ ᠵᠠᠮ ᠬᠦᠭᠡᠭᠡᠬᠦ ᠭᠡᠵᠤ ᠤᠳᠤ ᠪᠤᠳᠤᠪᠠᠯ ᠠᠶᠢᠳᠠᠰᠤ ᠬᠦᠷᠦᠨ᠎ᠠ᠃ ᠲᠡᠷᠡ ᠦᠶ᠎ᠠ ᠳᠤ ᠤᠳᠤ ᠶᠢᠨ ᠰᠤᠷᠤᠭᠴᠢ ᠰᠢᠬ ᠨᠡᠷ᠎ᠠ ᠮᠡᠳᠡᠭᠦᠯᠬᠦ ᠳᠤ ᠠᠪᠤ ᠡᠵᠢ ᠨᠢ ᠪᠠᠷ᠎ᠠ ᠪᠤᠯᠤᠨ᠎ᠠ᠂ ᠬᠦᠷᠭᠡᠨ᠎ᠠ᠂ ᠲᠤᠰᠤᠨ᠎ᠠ᠂ ᠰᠢᠯᠭᠠᠯᠲᠠ ᠶᠢᠨ ᠲᠠᠯᠠᠪᠠᠢ ᠶᠢᠨ ᠭᠠᠳᠠᠨ᠎ᠠ ᠨᠢ ᠬᠦᠯᠢᠶᠡᠨ᠎ᠠ᠂ ᠶᠠᠪᠤᠵᠤ ᠰᠠᠭᠤᠬᠤ ᠳᠤ ᠪᠦᠷ ᠭᠤᠶᠤ ᠮᠠᠰᠢᠨ᠂ ᠭᠠᠯᠲᠤ ᠲᠡᠷᠭᠡ᠂ ᠨᠢᠰᠭᠡᠯ ᠭᠡᠬᠦ ᠮᠡᠲᠤ ᠶᠢᠨ ᠶᠠᠪᠤᠳᠠᠯ ᠦᠭᠡᠢ᠃ ᠶᠠᠭᠤᠮ᠎ᠠ ᠪᠤᠯᠭᠠᠨ ᠳᠤ ᠪᠦᠷ ᠦᠪᠡᠷ ᠢᠶᠡᠨ ᠤᠴᠢᠵᠤ᠂ ᠠᠯᠢᠪᠠ ᠤᠴᠢᠷ ᠢ ᠪᠦᠷ ᠦᠪᠡᠷ ᠢᠶᠡᠨ ᠬᠦᠢᠴᠡᠳᠭᠡᠳᠡᠭ᠃

    ᠪᠡᠶ᠎ᠡ ᠶᠢᠨ ᠪᠠᠶᠢᠴᠠᠭᠠᠯᠳᠠ ᠬᠢᠯᠬᠡᠵᠤ ᠪᠠᠷᠠᠭᠠᠳ ᠪᠠᠰᠠ ᠯᠡ ᠴᠢᠮᠡᠬᠡ ᠦᠭᠡᠢ ᠪᠤᠯᠴᠢᠬᠠᠯ᠎ᠠ᠃ ᠶᠡᠬᠡ ᠰᠤᠷᠭᠠᠭᠤᠯᠢ ᠳᠤ ᠤᠷᠤᠵᠤ ᠡᠷᠳᠡᠮ ᠨᠤᠮ ᠰᠤᠷᠬᠤ᠂ ᠤᠯᠠᠨ ᠶᠡᠭᠤᠮ᠎ᠠ ᠦᠵᠡᠬᠦ ᠬᠦᠰᠡᠯ ᠢᠩᠬᠢᠭᠡᠳ ᠡᠴᠦᠰᠯᠡᠬᠦ ᠨᠢ ᠪᠠᠶᠢᠬ᠎ᠠ ᠬᠡᠵᠤ ᠲᠤᠬᠠᠢ ᠶᠢᠨ ᠦᠶ᠎ᠡ ᠳᠤ ᠪᠢ ᠪᠤᠳᠤᠵᠤ ᠪᠠᠶᠢᠭᠰᠠᠨ᠃ ᠨᠢᠬᠡ ᠡᠳᠤᠷ᠂ ᠪᠠᠭ᠎ᠠ ᠪᠠᠷᠢᠭᠠᠳᠠ ᠲᠡᠭᠡᠷ᠎ᠡ ᠠᠵᠢᠯ ᠬᠢᠵᠤ ᠪᠠᠶᠢᠳᠠᠯ᠎ᠠ ᠶᠢᠰᠦᠨᠮᠤᠳᠤ ᠭᠠᠴᠠᠭ᠎ᠠ  ᠶᠢᠨ ᠨᠢᠬᠡ ᠠᠪᠠᠭ᠎ᠠ ᠰᠤᠮᠤᠨ ᠳᠤ ᠤᠴᠢᠭᠠᠳ ᠪᠤᠴᠠᠬᠤ ᠳᠤ ᠪᠠᠨ ᠮᠠᠨ ᠤ ᠳ᠋ᠦ ᠲᠠᠭᠠᠷᠢᠵᠤ ᠢᠷᠡᠪᠡ᠃ ᠤᠳᠠᠭᠰᠠᠨ ᠦᠭᠡᠢ ᠬᠡᠷ ᠡᠴᠡ ᠬᠦᠮᠦᠨ ᠢᠷᠡᠵᠤ ᠨᠠᠮ᠎ᠠ ᠶᠢ ᠲᠠᠭᠤᠳᠠᠵᠤ ᠶᠡᠬᠡ ᠰᠤᠷᠭᠠᠭᠤᠯᠢ ᠳᠤ ᠡᠯᠰᠡᠭᠳᠡᠭᠰᠡᠨ ᠮᠡᠳᠡᠭᠳᠡᠯ ᠴᠢᠨᠢ ᠢᠷᠡᠵᠡᠢ᠂ ᠦᠪᠡᠷ ᠢᠶᠡᠨ ᠰᠤᠮᠤᠨ ᠳᠤ ᠬᠦᠷᠴᠦ ᠠᠪ ᠬᠡᠵᠤ ᠪᠠᠶᠢᠨ᠎ᠠ ᠬᠡᠪᠡ᠃ ᠰᠡᠬᠦᠯᠡᠷ ᠨᠢ ᠰᠤᠨᠤᠰᠬᠤ ᠳᠤ ᠪᠠᠶᠠᠨᠳᠠᠯ᠎ᠠ ᠰᠤᠮᠤᠨ ᠡᠴᠡ ᠬᠤᠶᠠᠷ ᠰᠤᠷᠤᠭᠴᠢ ᠶᠡᠬᠡ ᠰᠤᠷᠭᠠᠭᠤᠯᠢ ᠳᠤ ᠡᠯᠰᠡᠭᠳᠡᠵᠡᠢ᠃ ᠨᠢᠬᠡ ᠨᠢ ᠤᠳᠤ ᠶᠢᠨ ᠦᠪᠦᠷ ᠮᠤᠩᠭᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠹᠢᠽᠢᠺ ᠤᠨ ᠡᠷᠳᠡᠮᠳᠡᠨ ᠲᠡᠬᠦᠰᠪᠠᠭᠠᠳᠤᠷ ᠪᠠᠶᠢᠯ᠎ᠠ᠃ ᠪᠢ ᠦᠪᠦᠷ ᠮᠤᠩᠭᠤᠯ ᠤᠨ ᠪᠠᠭᠰᠢ ᠶᠢᠨ ᠲᠡᠭᠡᠳᠤ ᠰᠤᠷᠭᠠᠭᠤᠯᠢ ( ᠲᠤᠬᠠᠢ ᠶᠢᠨ ᠦᠶ᠎ᠡ ᠶᠢᠨ ᠨᠡᠷ᠎ᠡ᠂ ᠤᠳᠤ ᠶᠢᠨ ᠦᠪᠦᠷ ᠮᠤᠩᠭᠤᠯ ᠤᠨ ᠪᠠᠭᠰᠢ ᠶᠢᠨ ᠶᠡᠬᠡ ᠰᠤᠷᠭᠠᠭᠤᠯᠢ) ᠶ᠋ᠢᠨ ᠬᠢᠮᠢ ᠶᠢᠨ ᠰᠠᠯᠪᠤᠷᠢ ᠳᠤ ᠡᠯᠰᠡᠭᠳᠡᠵᠤ᠂ ᠲᠡᠷᠡ ᠹᠢᠽᠢᠺ ᠤᠨ ᠰᠠᠯᠪᠤᠷᠢ ᠳᠤ ᠡᠯᠰᠡᠭᠳᠡᠵᠡᠢ᠃ ᠲᠤᠬᠠᠢ ᠶᠢᠨ ᠦᠶ᠎ᠡ ᠳᠤ ᠵᠤᠤ ᠤᠳᠠ ᠠᠶᠢᠮᠠᠭ (ᠤᠳᠤ ᠶᠢᠨ ᠤᠯᠠᠭᠠᠨᠬᠠᠳᠠ ᠬᠤᠳᠠ) ᠯᠢᠶᠤᠤᠨᠢᠩ ᠮᠤᠵᠢ ᠳᠤ ᠬᠠᠷᠢᠶᠠᠯᠠᠭᠳᠠᠵᠤ᠂ ᠨᠠᠶ᠋ᠮᠠᠨ ᠮᠤᠵᠢ ᠤᠷᠤᠨ ᠤ ᠬᠠᠮᠵᠢᠯᠴᠠᠭᠠᠨ ᠢᠶᠡᠷ ᠦᠪᠦᠷ ᠮᠤᠩᠭᠤᠯ ᠯᠢᠶᠤᠤᠨᠢᠩ ᠮᠤᠵᠢ ᠰᠤᠷᠤᠭᠴᠢ ᠶᠢᠨ ᠰᠤᠯᠢᠯᠴᠠᠭ᠎ᠠ ᠬᠢᠵᠤ᠂ ᠯᠢᠶᠤᠤᠨᠢᠩ ᠮᠤᠵᠢ ᠦᠪᠦᠷ ᠮᠤᠩᠭᠤᠯ ᠡᠴᠡ 25 ᠰᠤᠷᠤᠭᠴᠢ ᠡᠯᠰᠡᠭᠰᠡᠨ ᠪᠠᠶᠢᠪᠠ᠃ ᠪᠢ ᠲᠡᠷᠡ 25 ᠤᠳᠤᠨ ᠤ ᠨᠢᠬᠡ ᠨᠢ ᠪᠤᠯᠵᠤ᠂ ᠬᠦᠬᠡᠬᠤᠳᠠ ᠳᠤ ᠢᠷᠡᠵᠤ ᠤᠶᠤᠳᠠᠨ ᠤ ᠠᠮᠢᠳᠤᠷᠠᠯ ᠬᠢᠬᠦ ᠪᠤᠯᠪᠠ᠃

    ᠤᠷᠤ ᠳᠡᠪᠢᠰᠭᠡᠷ ᠵᠡᠷᠭᠡ ᠠᠮᠢᠳᠤᠷᠠᠯ ᠤᠨ ᠠᠯᠢᠪᠠ ᠬᠡᠷᠡᠭᠰᠡᠯ ᠢᠶᠡᠨ ᠪᠠᠭᠯᠠᠵᠤ ᠠᠪᠤᠭᠠᠳ ( ᠶᠠᠭ ᠯᠠ ᠤᠳᠤ ᠶᠢᠨ ᠬᠤᠲᠠ ᠤᠷᠤᠵᠤ ᠠᠵᠢᠯ ᠡᠷᠢᠵᠤ ᠪᠠᠶᠢᠭ᠎ᠠ ᠬᠦᠯᠦᠰᠦᠨ ᠠᠵᠢᠯᠴᠢᠨ ᠤ ᠡᠭᠦᠷᠭᠡ ᠪᠤᠭᠤᠳᠠᠯ ᠰᠢᠬ) ᠠᠪᠤ ᠡᠯᠵᠢᠭᠡᠨ ᠲᠡᠷᠭᠡ ᠪᠡᠷ ᠬᠦᠭᠡ ᠪᠠᠶᠢᠰᠢᠩ (ᠳ᠋ᠠᠪᠠᠨ) ᠳᠤ ᠬᠦᠷᠭᠡᠵᠤ᠂ ᠮᠠᠷᠭᠠᠰᠢ ᠨᠢ ᠤᠯᠠᠭᠠᠨᠬᠠᠲᠠ - ᠶᠧ ᠪᠠᠢ ᠱᠦ - ᠴᠧᠩᠳᠧ - ᠪᠡᠭᠡᠵᠢᠩ ᠢᠶᠡᠷ ᠳᠠᠮᠵᠢᠵᠤ᠂ ᠬᠦᠬᠡᠬᠤᠲᠠ ᠳᠤ ᠬᠦᠷᠴᠤ᠂ ᠦᠪᠦᠷ ᠮᠣᠩᠭᠣᠯ ᠤᠨ ᠪᠠᠭᠰᠢ ᠶᠢᠨ ᠲᠡᠭᠡᠲᠤ ᠰᠤᠷᠭᠠᠭᠤᠯᠢ ᠶᠢᠨ ᠬᠢᠮᠢ ᠶᠢᠨ ᠰᠠᠯᠪᠤᠷᠢ ᠳᠤ ᠢᠷᠡᠵᠤ ᠨᠡᠷ᠎ᠠ ᠪᠡᠨ ᠮᠡᠳᠡᠭᠦᠯᠦᠨ ᠤᠶᠤᠳᠠᠨ ᠤ ᠠᠮᠢᠳᠤᠷᠠᠯ ᠢᠶᠡᠨ ᠡᠬᠢᠯᠡᠭᠦᠯᠵᠠᠢ᠃ ᠲᠡᠷᠡ ᠦᠶ᠎ᠡ ᠶᠢᠨ ᠤᠶᠤᠳᠠᠨ ᠤ ᠠᠮᠢᠳᠤᠷᠠᠯ ᠲᠤᠩ ᠬᠦᠴᠢᠷᠳᠡᠢ ᠪᠠᠶᠢᠭᠰᠠᠨ ᠴᠤ ᠮᠠᠨᠤᠰ ᠤᠨ ᠡᠷᠳᠡᠮ ᠮᠡᠳᠡᠯᠬᠡ ᠰᠤᠷᠬᠤ ᠬᠦᠰᠡᠯ ᠲᠡᠬᠦᠨ ᠡᠴᠡ ᠬᠤᠯᠠ ᠲᠤᠯᠭᠠᠮ᠎᠎ᠠ ᠪᠠᠶᠢᠪᠠ᠃ ᠤᠶᠤᠳᠠᠨ ᠤ ᠠᠮᠢᠳᠤᠷᠠᠯ ᠤᠨ ᠠᠯᠢᠪᠠ ᠪᠦᠬᠦᠨ ᠲᠤᠩ ᠰᠠᠶᠢᠬᠠᠨ᠂ ᠡᠷᠳᠡᠮ ᠤᠨ ᠲᠠᠯᠠᠢ ᠢᠷᠦᠭᠠᠷ ᠦᠭᠡᠢ ᠬᠡᠳᠡᠭ ᠢ ᠲᠡᠷᠡ ᠦᠶ᠎ᠡ ᠡᠴᠡ ᠤᠬᠠᠭᠠᠷᠠᠭᠰᠠᠨ ᠪᠢ᠃

    ᠶᠡᠬᠡ ᠲᠡᠭᠡᠲᠤ ᠰᠤᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠨᠢ ᠤᠯᠠᠨ ᠬᠦᠮᠦᠨ ᠤ ᠬᠤᠪᠢ ᠵᠠᠶᠠᠭᠠᠨ ᠳᠤ ᠡᠷᠬᠢᠯᠳᠡ ᠭᠠᠷᠭᠠᠭᠰᠠᠨ ᠨᠢ ᠦᠨᠡᠨ᠃ ᠲᠤᠮᠳᠠᠳᠤ ᠤᠯᠤᠰ ᠤᠨ ᠴᠢᠳᠠᠪᠦᠷᠢᠳᠡᠨ ᠬᠦᠮᠦᠵᠢᠬᠦᠯᠬᠦ ᠳᠤ ᠴᠢᠬᠤᠯᠠ ᠦᠢᠯᠡᠳᠤᠯ ᠭᠠᠷᠭᠠᠭᠰᠠᠨ ᠢ ᠦᠭᠡᠶᠢᠰᠬᠡᠵᠤ ᠪᠤᠯᠬᠤ ᠦᠭᠡᠢ᠃ ᠲᠡᠷᠡ ᠰᠢᠯᠭᠠᠯᠲᠠ ᠨᠢ ᠮᠠᠰᠢ ᠤᠯᠠᠨ ᠬᠦᠮᠦᠨ ᠢ ᠡᠷᠳᠡᠮ ᠤᠨ ᠨᠤᠶᠠᠨ ᠤᠷᠬᠢᠯ ᠵᠦᠭ᠌ ᠠᠪᠠᠷᠢᠭᠤᠯᠵᠤ᠂ ᠬᠦᠮᠦᠨ ᠲᠦᠷᠦᠯᠬᠢᠳᠡᠨ ᠤ ᠨᠡᠶᠢᠬᠡᠮ ᠤᠨ ᠬᠦᠭ᠍ᠵᠢᠯᠳᠡ ᠳᠤ ᠲᠦᠯᠬᠢᠭ᠍ᠴᠢ ᠦᠢᠯᠡᠳᠤᠯ ᠦᠵᠡᠬᠦᠯᠵᠡᠢ᠃ ᠶᠡᠬᠡ ᠲᠡᠭᠡᠲᠤ ᠰᠤᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠤᠶᠤᠳᠠᠨ ᠤ ᠠᠮᠢᠳᠤᠷᠠᠯ ᠨᠠᠳᠠ ᠳᠤ ᠨᠢᠬᠡ ᠨᠠᠰᠤᠨ ᠤ ᠪᠠᠶᠠᠷ ᠪᠠᠬᠠᠳᠤᠯ᠂ ᠠᠵᠠ ᠲᠤᠬᠢᠶᠠᠯ ᠤᠯᠭᠤᠭᠰᠠᠨ ᠶᠤᠮ᠃ ᠶᠡᠬᠡ ᠲᠡᠭᠡᠲᠤ ᠰᠤᠷᠭᠠᠭᠤᠯᠢ ᠶᠢᠨ ᠡᠯᠰᠡᠯᠲᠠ ᠶᠢᠨ ᠰᠢᠯᠭᠠᠯᠲᠠ ᠳᠤ ᠤᠷᠤᠯᠴᠠᠭᠰᠠᠨ ᠳᠤ ᠪᠠᠨ ᠪᠢ ᠤᠮᠤᠭᠰᠢᠵᠤ ᠶᠠᠪᠤᠳᠠᠭ ᠪᠠᠶᠢᠯ᠎ᠠ ᠁

ᠵᠤᠬᠢᠶᠠᠭᠴᠢ ᠶᠢᠨ ᠲᠤᠪᠴᠢ ᠲᠠᠨᠢᠯᠴᠠᠭᠤᠯᠭ᠎ᠠ᠄

    ᠪᠦᠬᠡᠪᠠᠭᠠᠲᠤᠷ᠂ ᠦᠪᠦᠷ ᠮᠣᠩᠭᠣᠯ ᠤᠨ ᠪᠠᠭᠠᠷᠢᠨ ᠪᠠᠷᠠᠭᠤᠨ ᠬᠤᠰᠢᠭᠤ ᠪᠡᠷ ᠨᠤᠳᠤᠭᠲᠠᠢ᠂ ᠬᠢᠨᠠᠨ ᠤᠷᠴᠢᠭᠤᠯᠤᠭᠴᠢ᠂ ᠦᠪᠦᠷ ᠮᠣᠩᠭᠣᠯ ᠤᠨ ᠡᠳᠦᠷ ᠤᠨ ᠰᠤᠨᠢᠨ ᠤ ᠬᠤᠷᠢᠶ᠎ᠠ ᠳᠤ ᠤᠷᠴᠢᠭᠤᠯᠤᠭᠴᠢ ᠰᠤᠷᠪᠤᠯᠵᠢᠯᠠᠭᠴᠢ ᠨᠠᠶᠢᠷᠠᠭᠤᠯᠤᠭᠴᠢ ᠪᠡᠷ ᠠᠵᠢᠯᠯᠠᠵᠤ ᠪᠠᠶᠢᠭᠰᠠᠨ ᠢᠶᠡᠨ ᠲᠡᠳᠭᠦᠪᠦᠷᠢ ᠳᠤ ᠭᠠᠷᠴᠤ᠂ ᠤᠳᠤ ᠪᠡᠷ ᠰᠢᠨᠬᠤᠸᠠ ᠮᠣᠩᠭᠣᠯ ᠨᠸᠲ ᠤᠨ ᠲᠤᠰᠬᠠᠢ ᠮᠡᠷᠭᠡᠵᠢᠯᠲᠠᠨ ᠢᠶᠡᠷ ᠤᠷᠢᠭᠳᠠᠨ ᠠᠵᠢᠯᠯᠠᠵᠤ ᠪᠤᠢ᠃

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
关闭
010070230030000000000000011100001121092761