蒙古文网站Logo
ᠰᠢᠨᠬᠤᠸᠠ ᠮᠤᠩᠭ᠋ᠤᠯ ᠨᠧᠲ

ᠳ᠋ᠤᠺᠲ᠋ᠤᠷᠠᠨᠲ ᠶᠤᠸᠠᠨ ᠴᠧᠩ ᠮᠤᠩᠭᠤᠯᠴᠤᠳ ᠤᠨ ᠲᠦᠪᠡᠳ ᠬᠡᠯᠡᠳᠣ ᠰᠢᠯᠦᠭ ᠵᠦᠢ ᠶ᠋ᠢᠨ ᠰᠣᠳᠣᠯᠭᠠᠨ ᠳ᠋ᠤ ᠰᠢᠨ᠎ᠡ ᠰᠢᠪᠳᠣᠯᠣᠯᠳᠠ ᠭᠠᠷᠭᠠᠯ᠎ᠠ

2017-06-08 17:48

    ᠰᠢᠨᠬᠤᠧᠠ ᠮᠤᠩᠭᠤᠯ ᠨᠧᠲ   ᠬᠦᠬᠡᠬᠤᠳᠠ ᠶᠢᠨ 6 ᠰᠡᠷ᠎ᠡ ᠶ᠋ᠢᠨ 8 ᠤ ᠡᠳᠣᠷ ᠤᠨ ᠴᠠᠬᠢᠯᠭᠠᠨ ᠮᠡᠳᠡᠬᠡ (ᠪᠤᠯᠤᠷᠴᠡᠴᠡᠭ)  7 ᠤ ᠡᠳᠦᠷ᠂ ᠦᠪᠤᠷ ᠮᠤᠩᠭᠤᠯ ᠤᠨ ᠶᠡᠬᠡ ᠰᠣᠷᠭᠠᠭᠤᠯᠢ ᠶ᠋ᠢᠨ ᠮᠤᠩᠭᠤᠯ ᠰᠣᠳᠣᠯᠣᠯ ᠤᠨ ᠲᠡᠬᠡᠳᠣ ᠰᠤᠷᠭᠠᠭᠤᠯᠢ ᠶ᠋ᠢᠨ ᠳ᠋ᠤᠺᠲ᠋ᠤᠷᠠᠨᠲ ᠶᠤᠸᠠᠨ ᠴᠧᠩ《〈ᠵᠤᠬᠢᠰᠳᠣ ᠠᠶᠠᠯᠭᠤ ᠶ᠋ᠢᠨ ᠲᠤᠯᠢ ᠶ᠋ᠢᠨ ᠲᠤᠭᠳᠠᠭᠠᠭᠰᠠᠨ ᠤ ᠲᠡᠮᠳᠡᠭᠯᠡᠯ ᠲᠤᠷᠠᠳᠬᠠᠯ ᠢ ᠲᠤᠳᠤᠷᠠᠭᠤᠯᠤᠭᠴᠢ ᠬᠡᠮᠡᠭᠳᠡᠬᠦ ᠤᠷᠤᠰᠢᠪᠠᠢ〉ᠶ᠋ᠢᠨ ᠤᠷᠴᠢᠭᠤᠯᠭ᠎ᠠ ᠬᠢᠬᠡᠳ ᠰᠣᠳᠣᠯᠣᠯ》ᠬᠡᠬᠦ ᠲᠦᠴᠢᠬᠡᠳ ᠲᠦᠮᠡᠨ ᠦᠰᠦᠭ ᠲᠠᠢ ᠦᠬᠦᠯᠡᠯ ᠢᠶᠡᠨ ᠡᠷᠳᠡᠮ ᠤᠨ ᠴᠤᠯᠠ ᠬᠠᠮᠠᠭᠠᠯᠠᠬᠤ ᠨᠤᠮ ᠬᠠᠶᠠᠯᠴᠠᠭᠠᠨ ᠳ᠋ᠤ ᠲᠡᠪᠰᠢᠬᠦᠯᠵᠤ᠂ ᠡᠷᠳᠡᠮᠳᠡᠳ ᠤᠨ ᠦᠨᠳᠣᠷ ᠦᠨᠡᠯᠡᠯᠳᠡ ᠶ᠋ᠢ ᠬᠦᠷᠳᠡᠨ᠂ ᠮᠤᠩᠭᠤᠯᠴᠤᠳ ᠤᠨ ᠲᠦᠪᠡᠳ ᠬᠡᠯᠡᠳᠣ ᠰᠢᠯᠦᠭ ᠵᠦᠢ ᠶ᠋ᠢᠨ ᠰᠣᠳᠣᠯᠭᠠᠨ ᠳ᠋ᠤ ᠰᠢᠨ᠎ᠡ ᠰᠢᠪᠳᠣᠯᠣᠯᠳᠠ ᠭᠠᠷᠭᠠᠯ᠎ᠠ᠃

    ᠶᠤᠸᠠᠨ ᠴᠧᠩ 1983 ᠤᠨ ᠳ᠋ᠤ ᠦᠪᠦᠷ ᠮᠤᠩᠭᠤᠯ ᠤᠨ ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠳᠤ ᠳᠦᠷᠦᠵᠡᠢ᠃ ᠦᠪᠤᠷ ᠮᠤᠩᠭᠤᠯ ᠤᠨ ᠪᠠᠭᠰᠢ ᠶ᠋ᠢᠨ ᠶᠡᠬᠡ ᠰᠣᠷᠭᠠᠭᠤᠯᠢ ᠶ᠋ᠢᠨ ᠮᠤᠩᠭᠤᠯ ᠰᠣᠳᠣᠯᠣᠯ ᠤᠨ ᠲᠡᠬᠡᠳᠣ ᠰᠣᠷᠭᠠᠭᠤᠯᠢ ᠳᠤ ᠯᠧᠺᠲ᠋ᠤᠷ ᠤᠨ ᠠᠵᠢᠯ ᠠᠯᠪᠠ ᠲᠠᠢ ᠳᠡᠷᠡᠪᠡᠷ 2O12 ᠤᠨ ᠳ᠋ᠤ ᠦᠪᠤᠷ ᠮᠤᠩᠭᠤᠯ ᠤᠨ ᠶᠡᠬᠡ ᠰᠣᠷᠭᠠᠭᠤᠯᠢ ᠳᠤ ᠲᠤᠮᠳᠠᠳᠣ ᠤᠯᠤᠰ ᠤᠨ ᠴᠦᠬᠡᠨ ᠲᠤᠭᠠᠳᠣ ᠦᠨᠳᠣᠰᠣᠳᠡᠨ ᠤ ᠬᠡᠯᠡ ᠤᠳᠬ᠎ᠠ ᠵᠤᠬᠢᠶᠠᠯ ᠤᠨ ᠮᠡᠷᠬᠡᠵᠢᠯ ᠤᠨ ᠳ᠋ᠤᠺᠲ᠋ᠤᠷᠠᠨᠲ ᠢᠶᠡᠷ ᠡᠯᠰᠡᠭᠳᠡᠵᠤ᠂《ᠴᠠᠩ ᠵᠢᠶᠠᠩ》ᠨᠡᠷᠡᠮᠵᠢᠳᠣ ᠡᠷᠳᠡᠮᠳᠡᠨ᠂ ᠦᠪᠦᠷ ᠮᠤᠩᠭᠤᠯ ᠤᠨ ᠶᠡᠬᠡ ᠰᠤᠷᠭᠠᠭᠤᠯᠢ ᠶᠢᠨ ᠳ᠋ᠤᠺᠲ᠋ᠤᠷᠠᠨᠲ ᠤᠨ ᠵᠢᠯᠤᠭᠤᠳᠤᠭᠴᠢ ᠡᠷᠳᠡᠨᠢᠪᠡᠶᠡᠷ ᠫᠷᠤᠹᠧᠰᠰᠣᠷ ᠤᠨ ᠭᠠᠷ ᠤᠨ ᠱᠠᠪᠢ ᠪᠤᠯᠵᠠᠢ᠃

    ᠡᠷᠳᠡᠨᠢᠪᠡᠶᠡᠷ ᠫᠷᠤᠹᠧᠰᠰᠣᠷ ᠤᠨ ᠲᠠᠨᠢᠯᠴᠠᠭᠤᠯᠤᠭᠰᠠᠨ ᠢᠶᠠᠷ᠂ ᠮᠤᠩᠭᠤᠯ ᠯᠠᠮᠠ ᠬᠤᠸᠠᠷᠠᠭᠴᠤᠤᠯ ᠤᠨ ᠲᠦᠪᠡᠳ ᠬᠡᠯᠡ ᠲᠡᠬᠡᠷᠡᠬᠢ ᠵᠤᠬᠢᠶᠠᠨ ᠪᠦᠳᠦᠬᠡᠯᠬᠡ ᠨᠢ 13 ᠳ᠋ᠤᠭᠠᠷ ᠵᠠᠭᠤᠨ ᠤ ᠲᠤᠮᠳᠠᠴᠢ ᠪᠡᠷ ᠡᠬᠢᠯᠡᠵᠤ ᠶᠤᠸᠠᠨ᠂ ᠮᠢᠩ᠂ ᠴᠢᠩ ᠤᠨ ᠭᠤᠷᠪᠡᠨ ᠲᠦᠷᠦ ᠶ᠋ᠢ ᠲᠠᠮᠵᠢᠭᠠᠳ ᠨᠢᠬᠡᠨᠳᠡ 700 ᠭᠠᠷᠦᠢ ᠵᠢᠯ ᠤᠨ ᠲᠡᠤᠬᠡ ᠲᠠᠢ ᠪᠤᠯᠵᠠᠢ᠃ ᠳᠡᠳᠡᠨᠡᠷ ᠤᠨ ᠲᠤᠭᠤᠷᠪᠢᠬᠰᠡᠨ ᠬᠦᠨ ᠤᠬᠠᠭᠠᠨ᠂ ᠬᠡᠯᠡ ᠰᠢᠨᠵᠢᠯᠡᠯ᠂ ᠤᠳᠬ᠎ᠠ ᠵᠤᠬᠢᠶᠠᠯ᠂ ᠲᠡᠤᠬᠡ᠂ ᠤᠷᠠᠯᠢᠭ᠂ ᠡᠮ ᠡᠮᠨᠡᠯᠬᠡ᠂ ᠤᠳᠤᠨ ᠵᠢᠷᠤᠬᠠᠢ ᠵᠡᠷᠬᠡ ᠤᠯᠠᠨ ᠰᠢᠨᠵᠢᠯᠡᠬᠡᠨ ᠲᠠᠢ ᠬᠤᠯᠪᠤᠭᠳᠠᠭᠰᠠᠨ ᠰᠤᠷᠪᠤᠯᠵᠢ ᠪᠢᠴᠢᠭ᠌ ᠤᠳ ᠨᠢ ᠮᠤᠩᠭᠤᠯ ᠲᠦᠪᠡᠳ ᠤᠨ ᠰᠣᠶᠣᠯ ᠤᠨ ᠬᠠᠷᠢᠯᠴᠠᠭᠠᠨ ᠤ ᠦᠷ᠎ᠡ ᠪᠦᠳᠦᠬᠡᠯ ᠲᠡᠳᠦᠢ ᠦᠬᠡᠢ ᠮᠤᠩᠭᠤᠯ ᠰᠣᠶᠣᠯ ᠤᠨ ᠦᠨᠡᠳᠣ ᠦᠪ ᠪᠠᠶᠢᠵᠤ᠂ ᠤᠳᠤ ᠪᠡᠷ ᠤᠯᠤᠰ ᠤᠨ ᠲᠤᠳᠤᠭᠠᠳᠣ ᠭᠠᠳᠠᠭᠠᠳᠣ ᠶ᠋ᠢᠨ ᠡᠷᠳᠡᠮᠳᠡᠳ ᠤᠨ ᠠᠩᠬᠠᠷᠤᠯ ᠢ ᠲᠡᠳᠠᠭᠰᠠᠨ ᠴᠢᠬᠤᠯᠠ ᠰᠣᠳᠣᠯᠭᠠᠨ ᠤ ᠰᠡᠳᠣᠪ ᠪᠤᠯᠵᠤ ᠪᠤᠢ᠃ ᠶᠤᠸᠠᠨ ᠴᠧᠩ ᠤᠨ ᠳ᠋ᠤᠺᠲ᠋ᠤᠷ ᠴᠤᠯᠠ ᠬᠠᠮᠠᠭᠠᠯᠠᠬᠤ ᠦᠬᠦᠯᠡᠯ ᠨᠢ ᠪᠡᠶᠡᠯᠡᠬᠦᠯᠬᠦ ᠳ᠋ᠤ ᠮᠠᠰᠢ ᠶᠡᠬᠡ ᠬᠦᠴᠢᠷ ᠲᠦᠪᠡᠭ ᠲᠠᠢ ᠨᠢᠬᠡᠨ ᠠᠰᠠᠭᠤᠳᠠᠯ ᠢ ᠰᠢᠢᠳᠪᠦᠷᠢᠯᠡᠭᠰᠡᠨ ᠪᠦᠳᠦᠬᠡᠯᠴᠢ ᠴᠢᠨᠡᠷᠳᠡᠢ ᠡᠷᠳᠡᠮ ᠰᠢᠨᠵᠢᠯᠡᠬᠡᠨ ᠤ ᠪᠦᠳᠦᠬᠡᠯ ᠪᠠᠶᠢᠵᠤ᠂ ᠮᠤᠩᠭᠤᠯᠴᠤᠳ ᠤᠨ ᠲᠦᠪᠡᠳ ᠬᠡᠯᠡᠳᠣ ᠰᠢᠯᠦᠭ ᠵᠦᠢ ᠶ᠋ᠢᠨ ᠰᠣᠳᠣᠯᠭᠠᠨ ᠳ᠋ᠤ ᠰᠢᠨ᠎ᠡ ᠰᠢᠪᠳᠣᠯᠣᠯᠳᠠ ᠭᠠᠷᠭᠠᠨ ᠰᠢᠨ᠎ᠡ ᠬᠠᠭᠤᠳᠠᠰᠣ ᠨᠡᠮᠡᠷᠢᠯᠡᠵᠤ᠂ ᠮᠤᠩᠭᠤᠯ ᠵᠤᠬᠢᠶᠠᠯ ᠤᠨ ᠤᠨᠤᠯ ᠦᠬᠦᠯᠡᠬᠦᠢ ᠶ᠋ᠢᠨ ᠮᠠᠲ᠋ᠧᠷᠢᠶᠠᠯ ᠤᠨ ᠪᠦᠳᠦᠬᠡᠨ ᠪᠠᠶᠢᠭᠤᠯᠤᠯᠳᠠ ᠪᠠ ᠤᠨᠤᠯ ᠤᠨ ᠴᠤᠭᠴᠠᠯᠠᠯᠳᠠ ᠳ᠋ᠤ ᠨᠦᠬᠦᠵᠤ ᠪᠦᠷᠢᠳᠬᠡᠬᠦ ᠠᠴᠢ ᠬᠤᠯᠪᠤᠭᠳᠠᠯ ᠲᠠᠢ ᠡᠷᠳᠡᠮ ᠰᠢᠨᠵᠢᠯᠡᠬᠡᠨ ᠤ ᠠᠵᠢᠯ ᠢ ᠬᠦᠢᠴᠡᠳᠬᠡᠵᠡᠢ᠃

    ᠡᠷᠳᠡᠮᠳᠦ ᠬᠤᠧᠠᠷᠠᠭ ᠠᠭᠸᠠᠩᠳᠦ᠋ᠪᠳᠡᠨ 19 ᠳ᠋ᠤᠬᠡᠷ ᠵᠠᠭᠤᠨ ᠤ ᠦᠶ᠎ᠡ ᠪᠡᠷ ᠪᠤᠷᠬᠠᠨ ᠱᠠᠰᠢᠨ ᠤ ᠬᠦᠨ ᠤᠬᠠᠭᠠᠨ᠂ ᠵᠠᠩ ᠦᠢᠯᠡ᠂ ᠨᠠᠮᠳᠡᠷ ᠵᠤᠬᠢᠶᠠᠯ᠂ ᠲᠠᠶᠢᠯᠪᠤᠷᠢ ᠵᠤᠬᠢᠶᠠᠯ ᠵᠡᠷᠬᠡ ᠤᠯᠠᠨ ᠲᠦᠷᠦᠯ ᠤᠨ ᠠᠭᠤᠯᠭ᠎ᠠ ᠪᠦᠬᠦᠢ ᠶᠡᠷᠡᠬᠡᠳ ᠵᠤᠬᠢᠶᠠᠯ ᠢ ᠲᠦᠪᠡᠳ ᠬᠡᠯᠡ ᠪᠡᠷ ᠵᠤᠬᠢᠶᠠᠨ ᠪᠦᠳᠦᠬᠡᠵᠤ᠂ ᠬᠤᠶᠡᠷ ᠪᠤᠳᠢ (100 ᠭᠠᠷᠦᠢ ᠲᠦᠮᠡᠨ ᠦᠰᠦᠭ) ᠰᠣᠳᠣᠷ ᠲᠤᠭᠤᠷᠪᠢᠵᠡᠢ᠃ ᠲᠡᠬᠦᠨ ᠤ《ᠵᠤᠬᠢᠰᠳᠣ ᠠᠶᠠᠯᠭᠤ ᠶ᠋ᠢᠨ ᠲᠤᠯᠢ ᠶ᠋ᠢᠨ ᠲᠤᠭᠳᠠᠭᠠᠭᠰᠠᠨ ᠤ ᠲᠡᠮᠳᠡᠭᠯᠡᠯ ᠲᠤᠷᠠᠳᠬᠠᠯ ᠢ ᠲᠤᠳᠤᠷᠠᠭᠤᠯᠤᠭᠴᠢ ᠬᠡᠮᠡᠭᠳᠡᠬᠦ ᠤᠷᠤᠰᠢᠪᠠᠢ》 ᠨᠢ ᠡᠷᠳᠡᠨ ᠤ ᠡᠨᠡᠳᠬᠡᠭ ᠤᠨ ᠰᠢᠯᠦᠭ ᠵᠦᠢ ᠶ᠋ᠢᠨ ᠨᠡᠷᠡᠳᠣ ᠪᠦᠳᠦᠬᠡᠯ ᠪᠤᠯᠬᠤ《ᠵᠤᠬᠢᠰᠳᠣ ᠠᠶᠠᠯᠭᠤ ᠶ᠋ᠢᠨ ᠲᠤᠯᠢ》 ᠶ᠋ᠢᠨ ᠤᠤᠯ ᠲᠧᠺᠰᠲ ᠤᠨ ᠦᠯᠡᠮᠵᠢ ᠤᠯᠠᠨ ᠰᠢᠯᠦᠭ ᠵᠦᠢ ᠶ᠋ᠢᠨ ᠠᠢ ᠤᠬᠠᠭᠳᠠᠬᠤᠨ ᠢ ᠲᠤᠮᠢᠶᠠᠯᠠᠨ ᠲᠠᠶᠢᠯᠪᠤᠷᠢᠯᠠᠬᠤ᠂ ᠴᠢᠮᠡᠭ ᠤᠨ ᠨᠠᠷᠢᠨ ᠢᠯᠭᠠᠯ ‍ᠤᠳ ᠤᠨ ᠵᠢᠱᠢᠶ᠎ᠡ ᠰᠢᠯᠦᠭ ‍ᠢ ᠵᠠᠳᠠᠯᠤᠨ ᠲᠠᠶᠢᠯᠪᠤᠷᠢᠯᠠᠬᠤ᠂ ᠡᠨᠡᠳᠬᠡᠭ ᠲᠦᠪᠡᠳ ᠤᠨ ᠤᠯᠠᠨ ᠦᠶ᠎ᠡ ᠶ᠋ᠢᠨ ᠡᠷᠳᠡᠮᠳᠡᠳ ᠤᠨ ᠦᠵᠡᠯᠳᠡ ᠨᠤᠬᠦᠳ ‍ᠢ ᠡᠰᠢᠯᠡᠨ ᠲᠠᠶᠢᠯᠪᠤᠷᠢᠯᠠᠬᠤ ᠶ᠋ᠢ ᠤᠶᠠᠯᠳᠤᠭᠤᠯᠵᠤ᠂ ᠤᠤᠯ ᠤᠨᠤᠯ ᠤᠨ ᠲᠧᠺᠰᠲ ᠢ ᠨᠠᠷᠢᠯᠢᠭ ᠲᠡᠯᠬᠡᠷᠡᠩᠬᠦᠢ ᠲᠠᠶᠢᠯᠪᠤᠷᠢᠯᠠᠬᠤ ᠰᠢᠰᠲ᠋ᠧᠮᠳᠣ ᠰᠣᠳᠣᠯᠭ᠎ᠠ ᠦᠷᠨᠢᠬᠦᠯᠦᠭᠰᠡᠨ ᠰᠢᠯᠦᠭ ᠵᠦᠢ ᠶ᠋ᠢᠨ ᠲᠤᠮᠤ ᠪᠦᠳᠦᠬᠡᠯ ᠪᠤᠯᠬᠤ ᠶᠤᠮ᠃ ᠲᠤᠰ ᠪᠦᠳᠦᠬᠡᠯ ᠰᠢᠯᠦᠭ ᠵᠦᠢ᠂ ᠬᠡᠯᠡᠨ ᠵᠦᠢ᠂ ᠰᠤᠶᠤᠯ ᠵᠦᠢ ᠵᠡᠷᠬᠡ ᠤᠯᠠᠨ ᠰᠢᠨᠵᠢᠯᠡᠬᠡᠨ ᠢ ᠰᠣᠨᠳᠠᠯᠠᠭᠰᠠᠨ ᠪᠤᠯᠬᠤᠷ ᠤᠯᠤᠰ ᠤᠨ ᠲᠤᠳᠤᠭᠠᠳᠤ ᠭᠠᠳᠠᠭᠠᠳᠣ ᠶ᠋ᠢᠨ ᠡᠷᠳᠡᠮᠳᠡᠳ ᠲᠤ ᠤᠳᠤ ᠪᠤᠯᠳᠠᠯ᠎ᠠ ᠰᠢᠰᠲ᠋ᠧᠮ ᠲᠠᠢ ᠰᠣᠳᠣᠯᠤᠭᠳᠠᠭ᠎ᠠ ᠦᠬᠡᠢ ᠪᠠᠶᠢᠭᠰᠠᠭᠠᠷ᠃

    2013 ᠤᠨ ᠤ 9 ᠰᠡᠷ᠎ᠡ ᠳᠤ᠂ ᠶᠤᠧᠠᠨ ᠴᠧᠩ ᠦᠪᠦᠷ ᠮᠤᠩᠭᠤᠯ ᠤᠨ ᠶᠡᠬᠡ ᠰᠤᠷᠭᠠᠭᠤᠯᠢ ᠶ᠋ᠢᠨ ᠲᠤᠮᠢᠯᠠᠯᠳᠠ ᠪᠡᠷ ᠬᠦᠬᠡᠨᠠᠭᠤᠷ ᠤᠨ ᠪᠠᠭᠰᠢ ᠶ᠋ᠢᠨ ᠶᠡᠬᠡ ᠰᠣᠷᠭᠠᠭᠤᠯᠢ ᠶ᠋ᠢᠨ ᠲᠦᠪᠡᠳ ᠬᠡᠯᠡᠨ ᠤ ᠰᠠᠯᠪᠤᠷᠢ ᠳ᠋ᠤ ᠬᠦᠷᠴᠤ ᠲᠦᠪᠡᠳ ᠬᠡᠯᠡ ᠤᠳᠬ᠎ᠠ ᠵᠤᠬᠢᠶᠠᠯ ᠬᠢᠬᠡᠳ ᠪᠤᠷᠬᠠᠨ ᠤ ᠨᠤᠮ ᠤᠨ ᠤᠨᠤᠯ ᠶᠤᠰᠣᠨ ᠢ ᠰᠤᠷᠤᠯᠴᠠᠨ᠂ ᠮᠤᠩᠭᠤᠯ ᠯᠠᠮᠠ ᠬᠤᠸᠠᠷᠠᠭᠴᠤᠤᠯ ᠤᠨ ᠲᠤᠭᠤᠷᠪᠢᠨ ᠦᠯᠡᠳᠡᠭᠡᠭᠰᠡᠨ ᠲᠦᠪᠡᠳ ᠰᠣᠳᠣᠷ ‍ᠢ ᠮᠤᠩᠭᠤᠯᠴᠢᠯᠡᠨ ᠰᠣᠳᠣᠯᠬᠤ ᠪᠠᠳᠣ ᠰᠠᠭᠤᠷᠢ ᠪᠡᠨ ᠴᠤᠭᠴᠠᠯᠠᠭᠰᠠᠨ ᠪᠠᠶᠢᠯ᠎ᠠ᠃ ᠳᠡᠷᠡᠪᠡᠷ ᠦᠬᠦᠯᠡᠯ ᠳᠤ ᠪᠡᠨ ᠤᠭ ᠲᠦᠪᠡᠳ ᠵᠤᠬᠢᠶᠠᠯ ᠤᠨ ᠤᠷᠴᠢᠭᠤᠯᠭ᠎ᠠ᠂ ᠱᠠᠰᠢᠨ ᠰᠤᠶᠤᠯ ᠤᠨ ᠲᠠᠶᠢᠯᠤᠯ ᠬᠢᠬᠡᠳ ᠰᠢᠯᠦᠭ ᠵᠦᠢ ᠶ᠋ᠢᠨ ᠰᠢᠬᠦᠮᠵᠢᠯᠡᠯ ᠤᠨ ᠭᠤᠷᠪᠡᠨ ᠠᠷᠭ᠎ᠠ ᠶ᠋ᠢ ᠨᠢᠬᠡᠳᠬᠡᠵᠤ᠂ ᠠᠭᠸᠠᠩᠳᠦ᠋ᠪᠳᠡᠨ ᠤ ᠪᠦᠳᠦᠬᠡᠯ ᠳ᠋ᠤ ᠤᠯᠠᠨ ᠬᠠᠷᠠᠭ᠎ᠠ ᠡᠴᠠ ᠪᠤᠰᠣᠭ᠎ᠠ ᠴᠤᠭᠴᠠᠳᠣ ᠰᠤᠳᠤᠯᠭ᠎ᠠ ᠬᠢᠵᠡᠢ᠃ ᠦᠬᠦᠯᠡᠯ ᠤᠨ ᠬᠢᠨᠢ ᠲᠡᠷᠢᠬᠦᠨ ᠠᠩᠬᠢ ᠨᠢ 376 ᠨᠢᠭᠤᠷ ᠲᠠᠢ᠂ 20 ᠲᠦᠮᠡ ᠭᠠᠷᠤᠢ ᠦᠰᠦᠭ ᠲᠠᠢ ᠤᠤᠯ ᠲᠦᠪᠡᠳ ᠵᠤᠬᠢᠶᠠᠯ ‍ᠤᠨ ᠶᠡᠬᠡ ᠬᠦᠷᠢᠶᠡᠨ ᠤ ᠮᠤᠳᠤᠨ ᠪᠡᠷ ᠤᠨ ᠰᠣᠳᠣᠷ ᠢ ᠮᠤᠩᠭᠤᠯᠴᠢᠯᠡᠨ ᠲᠠᠶᠢᠯᠪᠤᠷᠢᠯᠠᠵᠠᠢ᠃ ᠲᠤᠰ ᠤᠷᠴᠢᠭᠤᠯᠭ᠎ᠠ ᠨᠢ ᠮᠤᠩᠭᠤᠯᠴᠤᠳ ᠤᠨ ᠲᠦᠪᠡᠳ ᠬᠡᠯᠡᠨ ᠤ ᠤᠨᠤᠯ ᠤᠨ ᠰᠤᠷᠪᠤᠯᠵᠢᠰ ᠲᠤᠳᠤᠷ᠎ᠡ ᠡᠴᠠ ᠤᠷᠴᠢᠭᠤᠯᠤᠨ ᠲᠠᠶᠢᠯᠪᠤᠷᠢᠯᠠᠭᠰᠠᠨ ᠬᠠᠮᠤᠭ ᠤᠨ ᠤᠷᠳᠤ ᠤᠷᠴᠢᠭᠤᠯᠭ᠎ᠠ ᠶ᠋ᠢᠨ ᠲᠧᠺᠰᠲ ᠪᠤᠯᠬᠤ ᠳᠡᠳᠦᠢ ᠦᠬᠡᠢ ᠲᠤᠰ ᠰᠣᠳᠣᠯᠭᠠᠨ ᠤ ᠬᠦᠷᠢᠶᠡᠨ ᠳ᠋ᠡᠬᠢ ᠪᠦᠳᠦᠬᠡᠯᠴᠢ ᠦᠷ᠎ᠡ ᠪᠦᠳᠦᠬᠡᠯ ᠪᠤᠯᠤᠭᠰᠠᠨ ᠶᠤᠮ᠃ ᠤᠷᠴᠢᠭᠤᠯᠭ᠎ᠠ ᠶᠢᠨ ᠢᠶᠡᠨ ᠶᠠᠪᠤᠴᠠ ᠳ᠋ᠤ ᠳᠡᠷᠡᠪᠡᠷ《ᠮᠡᠷᠬᠡᠳ ᠭᠠᠷᠬᠤ ᠶ᠋ᠢᠨ ᠤᠷᠤᠨ》ᠳ᠋ᠡᠬᠢ《ᠲᠤᠳᠤᠷᠬᠠᠢ ᠪᠦᠬᠡᠳ ᠮᠡᠳᠡᠬᠦᠶ᠎ᠡ ᠬᠢᠯᠪᠡᠷ ᠦᠬᠡᠰ ᠢᠶᠠᠷ ᠤᠳᠬ᠎ᠠ ᠯᠤᠭ᠎ᠠ ᠦᠯᠤ ᠬᠠᠷᠰᠢᠯᠳᠣᠭᠤᠯᠤᠨ ᠰᠠᠶᠢᠳᠣᠷ ᠤᠷᠴᠢᠭᠤᠯᠬᠤ》ᠤᠷᠴᠢᠭᠤᠯᠭ᠎ᠠ ᠶ᠋ᠢᠨ ᠶᠠᠷᠤᠩᠬᠡᠢ ᠵᠠᠷᠴᠢᠮ ᠪᠠᠷᠢᠮᠵᠢᠶ᠎ᠠ ᠶ᠋ᠢ ᠵᠢᠷᠤᠮᠯᠡᠵᠤ᠂ ᠰᠣᠳᠣᠷ ᠤᠨ ᠬᠡᠯᠡᠨ ᠤ ᠦᠬᠡᠴᠢᠯᠡᠭᠰᠡᠨ ᠤᠷᠴᠢᠭᠤᠯᠭ᠎ᠠ᠂ ᠰᠢᠯᠦᠭᠯᠡᠭᠰᠡᠨ ᠵᠤᠬᠢᠶᠠᠯ ᠤᠨ ᠢᠷᠠᠭᠤᠴᠢᠯᠠᠭᠰᠠᠨ ᠤᠷᠴᠢᠭᠤᠯᠭ᠎ᠠ ᠬᠢᠬᠡᠳ ᠰᠠᠨᠰᠺᠷᠢᠲ ᠲᠦᠪᠡᠳ ᠨᠡᠷ᠎ᠡ ᠶ᠋ᠢᠨ ᠠᠪᠢᠶᠠᠴᠢᠯᠠᠭᠰᠠᠨ ᠤᠷᠴᠢᠭᠤᠯᠭ᠎ᠠ ᠶ᠋ᠢ ᠪᠠᠷᠢᠮᠳᠠᠯᠠᠨ᠂ ᠤᠤᠯ ᠰᠣᠳᠣᠷ ᠤᠨ ᠬᠡᠯᠡ ᠨᠠᠶᠢᠷᠠᠭᠤᠯᠭ᠎ᠠ ᠶ᠋ᠢᠨ ᠬᠡᠪ ᠨᠠᠮᠪᠠ᠂ ᠴᠠᠭ ᠦᠶ᠎ᠡ ᠶ᠋ᠢᠨ ᠦᠩᠬᠡ ᠲᠦᠷᠬᠦ ᠶ᠋ᠢ ᠬᠦᠢᠴᠡᠳ ᠦᠵᠡᠬᠦᠯᠬᠦ ᠶ᠋ᠢ ᠬᠢᠴᠢᠶᠡᠵᠤ᠂ ᠤᠤᠯ ᠵᠤᠬᠢᠶᠠᠯ ᠤᠨ ᠠᠭᠤᠯᠭ᠎ᠠ ᠶ᠋ᠢ ᠦᠬᠡ ᠦᠰᠦᠭ ᠲᠠᠷᠠᠭᠠᠯᠠᠨ ᠪᠦᠬᠦ ᠤᠳᠬ᠎ᠠ ᠪᠡᠷ ᠨᠢ ᠤᠷᠴᠢᠭᠤᠯᠤᠨ ᠵᠢᠩᠬᠢᠨᠢ ᠦᠨᠳᠣᠰᠣᠳᠠᠨᠴᠢᠯᠠᠬᠦ ᠠᠵᠢᠯ ᠢ ᠬᠦᠢᠴᠡᠳᠬᠡᠭᠰᠡᠨ ᠪᠠᠶᠢᠯ᠎ᠠ᠃ ᠤᠭ ᠵᠤᠬᠢᠶᠠᠯ ᠤᠨ ᠰᠢᠯᠦᠭ ᠵᠦᠢ ᠶ᠋ᠢᠨ ᠬᠡᠷ᠎ᠡ ᠦᠬᠡᠰ᠂ ᠠᠢ ᠤᠬᠠᠭᠳᠠᠬᠤᠨ᠂ ᠬᠡᠴᠡ ᠵᠠᠢ᠂ ᠵᠢᠱᠢᠶ᠎ᠡ ᠰᠢᠯᠦᠭ ᠲᠤ ᠲᠤᠰᠬᠠᠭᠳᠠᠭᠰᠠᠨ ᠰᠣᠳᠣᠷ ᠨᠤᠮ᠂ ᠪᠤᠷᠬᠠᠨ ᠪᠤᠳᠢᠰᠠᠳ᠋ᠸ᠎ᠠ᠂ ᠲᠡᠤᠬᠡᠳᠣ ᠬᠦᠮᠤᠨ᠂ ᠦᠯᠢᠬᠡᠷ ᠯᠤᠷᠵᠤᠤ᠂ ᠢᠯᠡᠳᠳᠡ ᠦᠬᠦᠯᠡᠬᠦᠢ ᠨᠡᠷ᠎ᠡ ᠵᠡᠷᠬᠡ ᠳ᠋ᠤ 300 ᠭᠠᠷᠦᠢ ᠰᠢᠬᠦᠮᠵᠢ ᠲᠠᠶᠢᠯᠪᠤᠷᠢ ᠬᠠᠳᠠᠵᠤ᠂ ᠤᠤᠯ ᠵᠤᠬᠢᠶᠠᠯ ᠤᠨ ᠦᠬᠡ ᠦᠰᠦᠭ ᠤᠨ ᠠᠷᠤ ᠳ᠋ᠤ ᠲᠠᠯᠳᠠᠯᠠᠭᠳᠠᠭᠰᠠᠨ ᠱᠠᠰᠢᠨ ᠰᠣᠶᠣᠯ ᠤᠨ ᠰᠢᠰᠲ᠋ᠧᠮ ᠢ ᠰᠡᠷᠬᠦᠬᠡᠨ ᠲᠦᠷᠰᠤᠯᠡᠵᠡᠢ᠃ ᠦᠬᠦᠯᠡᠯ ᠤᠨ ᠢᠶᠡᠨ ᠲᠡᠳ᠋ ᠠᠩᠬᠢ ᠳ᠋ᠤ ᠤᠤᠯ ᠵᠤᠬᠢᠶᠠᠯ ᠤᠨ ᠤᠨᠤᠯ ᠤᠨ ᠬᠡᠯᠡᠬᠦᠢ ᠨᠢ ᠬᠠᠮᠢᠭ᠎ᠠ ᠡᠴᠠ ᠢᠷᠡᠭᠰᠡᠨ᠂ ᠦᠨᠳᠣᠰᠣᠨ ᠦᠬᠦᠯᠡᠭᠳᠡᠬᠦᠨ ᠨᠢ ᠶᠠᠭᠤ ᠪᠤᠯᠬᠤ᠂ ᠦᠪᠡᠷᠮᠢᠴᠡ ᠦᠵᠡᠯ ᠰᠠᠨᠠᠭ᠎ᠠ ᠨᠢ ᠶᠠᠭᠠᠬᠢᠵᠤ ᠢᠯᠡᠷᠡᠭᠰᠡᠨ ᠵᠡᠷᠬᠡ ᠰᠢᠯᠦᠭ ᠵᠦᠢ ᠶ᠋ᠢᠨ ᠠᠰᠠᠭᠤᠳᠠᠯ ᠢ ᠰᠢᠶ᠋ᠳᠪᠤᠷᠢᠯᠡᠬᠦ ᠪᠡᠷ ᠬᠦᠴᠦᠯᠡᠭᠰᠡᠨ ᠪᠠᠶᠢᠪᠠ᠃ ᠳ᠋ᠦᠩᠨᠡᠯᠳᠡ ᠶ᠋ᠢᠨ ᠬᠡᠰᠡᠭ ᠲᠤ᠂ ᠤᠤᠯ ᠵᠤᠬᠢᠶᠠᠯ ᠨᠢ ᠲᠠᠨᠳᠢᠨ ᠤ ᠲᠤᠯᠢ ᠶ᠋ᠢᠨ ᠦᠨᠳᠣᠰᠣᠨ ᠳ᠋ᠤ ᠦᠬᠡ ᠤᠳᠬ᠎ᠠ ᠶ᠋ᠢᠨ ᠲᠠᠶᠢᠯᠪᠤᠷᠢ ᠬᠢᠬᠦ ᠳᠤ ᠪᠡᠨ ᠡᠨᠡᠳᠬᠡᠭ ᠲᠦᠪᠡᠳ ᠡᠷᠳᠡᠮᠳᠡᠳ ᠤᠨ ᠤᠯᠠᠨ ᠦᠶ᠎ᠡ ᠶ᠋ᠢᠨ ᠲᠠᠶᠢᠯᠪᠤᠷᠢ ᠵᠤᠬᠢᠶᠠᠯ ᠤᠨ ᠤᠯᠠᠮᠵᠢᠯᠠᠯ ‍ᠢ ᠤᠨᠤᠯ ᠤᠨ ᠡᠬᠢ ᠰᠣᠷᠪᠤᠯᠵᠢ ᠪᠤᠯᠭᠠᠨ ᠠᠰᠢᠭᠯᠠᠵᠤ᠂ ᠢᠷᠠᠭᠤ ᠨᠠᠶᠢᠷᠠᠭ ᠤᠨ ᠵᠤᠬᠢᠶᠠᠨ ᠪᠦᠳᠦᠬᠡᠬᠦ ᠤᠨᠴᠠᠯᠢᠭ ᠪᠠ ᠤᠷᠠᠯᠢᠭ ᠤᠨ ᠵᠤᠷᠢᠯᠳᠡ ᠶ᠋ᠢ ᠬᠤᠷᠢᠶᠠᠩᠭᠤᠶᠢᠯᠠᠬᠤ᠂ ᠲᠡᠯᠬᠡᠷᠡᠬᠦᠯᠬᠦ᠂ ᠵᠠᠳᠠᠯᠬᠤ᠂ ᠶᠡᠷᠤᠩᠬᠡᠶᠢᠯᠡᠬᠦ᠂ ᠬᠠᠷᠢᠴᠠᠭᠤᠯᠬᠤ ᠪᠡᠷ ᠲᠠᠮᠵᠢᠨ ᠵᠤᠬᠢᠰᠳᠣ ᠠᠶᠠᠯᠭᠤᠨ ᠤ ᠠᠮᠢ᠂ ᠪᠡᠶ᠎ᠡ᠂ ᠴᠢᠮᠡᠭ ᠢᠶᠠᠷ ᠴᠦᠮᠡᠯᠢᠭ ᠬᠡᠯᠡᠬᠦᠢ ᠪᠤᠯᠭᠠᠭᠰᠠᠨ ᠰᠢᠯᠦᠭ ᠵᠦᠢ ᠶ᠋ᠢᠨ ᠦᠵᠡᠯᠳᠡ ᠬᠢᠬᠡᠳ ᠤᠨᠤᠯ ᠤᠨ ᠰᠢᠯᠦᠭ ᠵᠦᠢ᠂ ᠰᠣᠶᠣᠯ ᠤᠨ ᠰᠢᠯᠦᠭ ᠵᠦᠢ ᠪᠠ ᠬᠠᠷᠢᠴᠠᠭᠤᠯᠤᠭᠰᠠᠨ ᠰᠢᠯᠦᠭ ᠵᠦᠢ ᠶ᠋ᠢ ᠤᠶᠠᠯᠳᠤᠭᠤᠯᠤᠭᠰᠠᠨ ᠰᠢᠯᠦᠭ ᠵᠦᠢ ᠶ᠋ᠢᠨ ᠦᠨᠳᠣᠰᠣᠨ ᠦᠵᠡᠯ ᠰᠠᠨᠠᠭ᠎ᠠ ᠶ᠋ᠢ ᠪᠦᠷᠢᠯᠳᠦᠬᠦᠯᠦᠭᠰᠡᠨ ᠬᠡᠳᠡᠭ ᠦᠵᠡᠯᠳᠡ ᠪᠡᠨ ᠲᠠᠪᠰᠢᠬᠦᠯᠵᠠᠢ᠃

    ᠲᠤᠰ ᠰᠣᠳᠣᠯᠭᠠᠨ ᠨᠢ ᠮᠤᠩᠭᠤᠯᠴᠤᠳ ᠤᠨ ᠲᠦᠪᠡᠳ ᠬᠡᠯᠡᠳᠣ ᠰᠢᠯᠦᠭ ᠵᠦᠢ ᠶ᠋ᠢᠨ ᠠᠭᠤᠳᠠᠯᠠᠯ ᠪᠠ ᠰᠣᠳᠣᠯᠣᠯ᠂ ᠴᠢᠨᠠᠭᠰᠢᠯᠡᠨ ᠪᠦᠬᠦᠶᠢᠯᠡ ᠮᠤᠩᠭᠤᠯ ᠰᠣᠳᠣᠯᠣᠯ ᠤᠨ ᠦᠷᠬᠡᠵᠢᠯ ᠪᠠ ᠬᠦᠨᠵᠡᠬᠡᠶᠢᠷᠡᠯ ᠵᠢᠴᠢ ᠮᠤᠩᠭᠤᠯ ᠲᠦᠪᠡᠳ ᠤᠨ ᠤᠷᠡᠨ ᠵᠤᠬᠢᠶᠠᠯ ᠤᠨ ᠬᠠᠷᠢᠴᠠᠭᠤᠯᠤᠭᠰᠠᠨ ᠰᠣᠳᠣᠯᠣᠯ ᠪᠠ ᠡᠨᠡᠳᠬᠡᠭ ᠲᠦᠪᠡᠳ ᠮᠤᠩᠭᠤᠯ ᠤᠨ ᠰᠤᠶᠤᠯ ᠤᠨ ᠬᠠᠷᠢᠯᠴᠠᠭ᠎ᠠ ᠶ᠋ᠢᠨ ᠰᠣᠳᠣᠯᠣᠯ ᠳ᠋ᠤ ᠵᠤᠬᠢᠬᠤ ᠬᠡᠮᠵᠢᠶᠡᠨ ᠤ ᠤᠨᠤᠯ ᠤᠨ ᠦᠨ᠎ᠡ ᠦᠷᠳᠡᠭ ᠪᠠ ᠦᠢᠯᠡᠳᠣᠯᠬᠡ ᠶ᠋ᠢᠨ ᠤᠳᠬ᠎ᠠ ᠠᠭᠤᠯᠭ᠎ᠠ ᠲᠠᠢ ᠬᠡᠮᠡᠨ ᠨᠤᠮ ᠬᠠᠶᠠᠯᠴᠠᠭᠠᠨ ᠳ᠋ᠤ ᠤᠷᠤᠯᠴᠠᠭᠰᠠᠨ ᠡᠷᠳᠡᠮᠳᠡᠳ ᠰᠠᠨᠠᠯ ᠨᠢᠬᠡᠳᠠᠢ ᠦᠨᠡᠯᠡᠵᠡᠬᠡᠵᠡᠢ᠃

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
关闭
010070230030000000000000011100001121111064