蒙古文网站Logo
ᠰᠢᠨᠬᠤᠸᠠ ᠮᠤᠩᠭ᠋ᠤᠯ ᠨᠧᠲ

ᠶᠡᠬᠡ ᠲᠡᠭᠡᠳᠦ ᠰᠤᠷᠭᠠᠭᠤᠯᠢ ᠦᠪᠡᠷᠲᠡᠭᠡᠨ ᠡᠯᠰᠡᠬᠦ ᠰᠤᠷᠤᠭᠴᠢ ᠪᠠᠲᠤᠯᠠᠨ ᠬᠦᠷᠭᠡᠭ᠍ᠲᠡᠭᠰᠡᠨ ᠰᠤᠷᠤᠭᠴᠢ ᠵᠡᠷᠭᠡ ᠶᠢ ᠢᠯᠡ ᠪᠡᠷ ᠵᠠᠷᠯᠠᠨ ᠨᠡᠶᠢᠲᠡᠯᠡᠭᠰᠡᠨ ᠦᠭᠡᠢ ᠪᠤᠯ ᠡᠯᠰᠡᠵᠦ ᠪᠤᠯᠬᠤ ᠦᠭᠡᠢ

2017-07-11 11:18

    ᠰᠢᠨᠬᠤᠧᠠ ᠬᠤᠷᠢᠶ᠎ᠠ   ᠪᠡᠭᠡᠵᠢᠩ ᠤᠨ 7 ᠰᠠᠷ᠎ᠠ ᠶᠢᠨ 10 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠬᠤ ᠬᠤᠤ ) ᠰᠤᠷᠪᠤᠯᠵᠢᠯᠠᠭᠴᠢ 10 ᠤ ᠡᠲᠦᠷ ᠰᠤᠷᠭᠠᠨ ᠬᠦᠮᠦᠵᠢᠯ ᠤᠨ ᠶᠠᠮᠤᠨ ᠡᠴᠡ ᠤᠶᠢᠯᠠᠭᠠᠭᠰᠠᠨ ᠢᠶᠡᠷ᠂ 2017 ᠤᠨ ᠤ ᠡᠩ ᠤᠨ ᠶᠡᠬᠡ ᠲᠡᠭᠡᠳᠦ ᠰᠤᠷᠭᠠᠭᠤᠯᠢ ᠶᠢᠨ ᠰᠤᠷᠤᠭᠴᠢ ᠡᠯᠰᠡᠯᠲᠡ ᠶᠢᠨ ᠲᠦᠪ ᠭᠤᠤᠯᠴᠢ ᠪᠠᠶᠢᠬᠤ ᠶᠢ ᠪᠠᠲᠤᠯᠠᠬᠤ ᠪᠡᠷ ᠰᠤᠷᠭᠠᠨ ᠬᠦᠮᠦᠵᠢᠯ ᠤᠨ ᠶᠠᠮᠤᠨ ᠤ ᠠᠯᠪᠠᠨ ᠡᠴᠡ ᠮᠡᠲᠡᠭᠲᠡᠯ ᠪᠠᠭᠤᠯᠭᠠᠨ ᠰᠤᠷᠤᠭᠴᠢ ᠡᠯᠰᠡᠬᠦ ᠲᠦᠷᠦ ᠶᠢᠨ ᠪᠤᠲᠤᠯᠭ᠎ᠠ ᠶᠢ ᠴᠢᠩᠭ᠎ᠠ ᠬᠡᠷᠡᠭᠵᠢᠬᠦᠯᠬᠦ ᠶᠢ ᠱᠠᠭᠠᠷᠲᠠᠨ᠂ ᠰᠤᠷᠤᠭᠴᠢ ᠡᠯᠰᠡᠬᠦ ᠮᠡᠲᠡᠭᠡ ᠵᠠᠩᠬᠢ ᠶᠢ ᠨᠡᠡᠭ ᠦᠷᠭᠡᠨ ᠬᠡᠮᠵᠢᠶᠡᠨ ᠳ᠋᠋ᠦ ᠢᠯᠡ ᠪᠠᠶᠢᠯᠭᠠᠬᠤ ᠬᠡᠷᠡᠭᠲᠡᠢ ᠭᠡᠵᠡᠢ᠃

    ᠮᠡᠲᠡᠭᠲᠡᠯ ᠳ᠋ᠤ ᠡᠯ᠎ᠡ ᠱᠠᠲᠤᠨ ᠤ ᠰᠤᠷᠤᠭᠴᠢ ᠡᠯᠰᠡᠬᠦ᠂ ᠰᠤᠷᠭᠠᠨ ᠬᠦᠮᠦᠵᠢᠯ ᠵᠠᠰᠠᠭ ᠵᠠᠬᠢᠷᠭᠠᠨ ᠤ ᠰᠠᠯᠠᠭ᠎ᠠ ᠮᠦᠴᠢᠷ ᠪᠠ ᠶᠡᠬᠡ ᠲᠡᠭᠡᠳᠦ ᠰᠤᠷᠭᠠᠭᠤᠯᠢ ᠰᠤᠷᠤᠭᠴᠢ ᠡᠯᠰᠡᠬᠦ ᠬᠠᠮᠢᠶᠠᠲᠠᠢ ᠲᠤᠭᠲᠠᠭᠠᠯ ᠢ ᠴᠢᠩᠭ᠎ᠠ ᠵᠢᠷᠤᠮᠯᠠᠨ᠂ ᠶᠡᠬᠡ ᠲᠡᠭᠡᠳᠦ ᠰᠤᠷᠭᠠᠭᠤᠯᠢ ᠲᠤᠷᠠᠪᠡᠷ ᠢᠶᠡᠨ ᠲᠦᠯᠦᠪᠯᠡᠭᠡ ᠡᠴᠡ ᠭᠠᠲᠠᠭᠤᠷ ᠰᠤᠷᠤᠭᠴᠢ ᠡᠯᠰᠡᠵᠦ ᠪᠤᠯᠬᠤ ᠦᠭᠡᠢ᠂ ᠡᠭᠡᠯᠵᠢ ( ᠪᠦᠯᠦᠭ ) ᠪᠦᠷᠢ ᠶᠢᠨ ᠡᠯᠰᠡᠬᠦ ᠰᠤᠷᠤᠭᠴᠢ ᠶᠢᠨ ᠲᠤᠭ᠎ᠠ ᠬᠦᠷᠬᠦ ᠦᠭᠡᠢ᠂ ᠲᠦᠯᠦᠪᠯᠡᠭᠡ ᠬᠠᠷᠠᠬᠠᠨ ᠲᠠᠭᠤᠰᠤᠭ᠎ᠠ ᠦᠭᠡᠢ ᠪᠤᠯ ᠢᠯᠡ ᠪᠡᠷ ᠰᠠᠨᠠᠯ ᠠᠰᠠᠭᠤᠨ ᠡᠯᠰᠡᠬᠦ ᠬᠡᠷᠡᠭᠲᠡᠢ᠃ ᠡᠯᠰᠡᠯᠲᠡ ᠶᠢᠨ ᠡᠯ᠎ᠡ ᠱᠠᠲᠤᠨ ᠤ ᠴᠠᠭ᠂ ᠠᠭᠤᠯᠭ᠎ᠠ᠂ ᠠᠷᠭ᠎ᠠ ᠬᠡᠯᠪᠡᠷᠢ ᠵᠡᠷᠭᠡ ᠮᠡᠲᠡᠭᠡ ᠵᠠᠩᠬᠢ ᠪᠠᠨ ᠲᠤᠲᠤᠷᠬᠠᠶᠢᠯᠠᠵᠤ᠂ ᠰᠢᠯᠭᠠᠭᠤᠯᠤᠭᠰᠠᠳ ᠲᠤ ᠴᠠᠬ ᠲᠤᠬᠠᠢ ᠳ᠋ᠤ ᠨᠢ ᠬᠠᠮᠢᠶᠠᠲᠠᠢ ᠮᠡᠲᠡᠭᠡ ᠵᠠᠩᠬᠢ ᠶᠢ ᠤᠶᠢᠯᠠᠭᠠᠭᠤᠯᠬᠤ ᠬᠡᠷᠡᠭᠲᠡᠢ᠃ ᠶᠡᠬᠡ ᠲᠡᠭᠡᠳᠦ ᠰᠤᠷᠭᠠᠭᠤᠯᠢ ᠦᠪᠡᠷᠲᠡᠭᠡᠨ ᠡᠯᠰᠡᠬᠦ ᠰᠤᠷᠤᠭᠴᠢ᠂ ᠪᠠᠲᠤᠯᠠᠨ ᠬᠦᠷᠭᠡᠭ᠍ᠲᠡᠭᠰᠡᠨ ᠰᠤᠷᠤᠭᠴᠢ᠂ ᠲᠠᠮᠢᠷ ᠤᠷᠠᠯᠢᠭ ᠤᠨ ᠰᠤᠷᠤᠭᠴᠢ ᠶᠢ ᠡᠯᠰᠡᠬᠦ ᠳ᠋ᠡᠭᠡᠨ ᠢᠯᠡ ᠪᠡᠷ ᠵᠠᠷᠯᠠᠨ ᠨᠡᠶᠢᠲᠡᠯᠡᠭᠰᠡᠨ ᠪᠠᠶᠢᠬᠤ ᠬᠡᠷᠡᠭᠲᠡᠢ᠂ ᠡᠰᠡ ᠲᠡᠭᠡᠪᠡᠯ ᠡᠯᠰᠡᠵᠦ ᠪᠤᠯᠬᠤ ᠦᠭᠡᠢ ᠭᠡᠵᠡᠢ᠃

    ᠮᠡᠲᠡᠭᠲᠡᠯ ᠳ᠋ᠤ ᠡᠯ᠎ᠡ ᠭᠠᠵᠠᠷ ᠤᠨ ᠬᠢᠨ ᠲᠤᠰᠬᠠᠢ ᠮᠡᠷᠭᠡᠵᠢᠯ ᠤᠨ ᠲᠦᠷᠦᠯ ᠠᠩᠬᠢᠯᠠᠨ ᠰᠤᠷᠤᠭᠴᠢ ᠡᠯᠰᠡᠬᠦ ᠠᠵᠢᠯ ᠢ ᠢᠲᠡᠪᠬᠢᠲᠡᠢ ᠠᠬᠢᠭᠤᠯᠵᠤ᠂ ᠠᠵᠢᠯ ᠮᠡᠷᠭᠡᠵᠢᠯ ᠤᠨ ᠲᠡᠭᠡᠳᠦ ᠰᠤᠷᠭᠠᠭᠤᠯᠢ ᠶᠢᠨ ᠰᠤᠷᠤᠭᠴᠢ ᠡᠯᠰᠡᠬᠦ ᠭᠤᠤᠯ ᠠᠷᠭ᠎ᠠ ᠪᠤᠯᠭᠠᠬᠤ ᠬᠡᠷᠡᠭᠲᠡᠢ᠃ ᠰᠤᠷᠭᠠᠨ ᠬᠦᠮᠦᠵᠢᠯ ᠤᠨ ᠶᠠᠮᠤᠨ ᠡᠴᠡ ᠡᠯ᠎ᠡ ᠱᠠᠲᠤᠨ ᠤ ᠰᠤᠷᠭᠠᠨ ᠬᠦᠮᠦᠵᠢᠯ ᠵᠠᠰᠠᠭ ᠵᠠᠬᠢᠷᠭᠠᠨ ᠤ ᠰᠠᠯᠠᠭ᠎ᠠ ᠮᠦᠴᠢᠷ ᠢ ᠰᠤᠷᠭᠠᠨ ᠬᠦᠮᠦᠵᠢᠯ ᠤᠨ ᠰᠠᠬᠢᠯᠭ᠎ᠠ ᠪᠠᠲᠤ ᠪᠠᠶᠢᠴᠠᠭᠠᠬᠤ᠂ ᠰᠢᠯᠭᠠᠯᠲᠠ ᠰᠤᠷᠤᠭᠴᠢ ᠡᠯᠰᠡᠬᠦ ᠵᠡᠷᠭᠡ ᠰᠠᠯᠠᠭ᠎ᠠ ᠮᠦᠴᠢᠷ ᠲᠠᠢ ᠬᠠᠮᠲᠤ ᠡᠯᠰᠡᠭᠲᠡᠭᠰᠡᠨ ᠰᠤᠷᠤᠭᠴᠢ ᠶᠢᠨ ᠬᠢᠷᠢ ᠬᠡᠮ ᠢ ᠨᠠᠷᠢᠨ ᠬᠢᠨᠠᠮᠠᠭᠠᠢ ᠲᠠᠬᠢᠨ ᠪᠠᠶᠢᠴᠠᠭᠠᠬᠤ ᠶᠢ ᠱᠠᠭᠠᠷᠲᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121299668