蒙古文网站Logo
ᠰᠢᠨᠬᠤᠸᠠ ᠮᠤᠩᠭ᠋ᠤᠯ ᠨᠧᠲ

ᠲᠦᠪ ᠦᠨ ᠦᠨᠳᠤᠰᠤᠳᠠᠨ ᠤ ᠶᠡᠭᠡ ᠰᠤᠷᠭᠠᠭᠣᠯᠢ ᠪᠤᠯᠣᠨ ᠦᠪᠤᠷ ᠮᠣᠩᠭ᠋ᠤᠯ ᠬᠠᠮᠳᠣᠷᠠᠨ ᠪᠤᠷᠣ ᠪᠠᠯᠭᠠᠰᠤᠨ  ᠳᠤ ᠦᠨᠳᠤᠰᠤᠳᠠᠨ ᠤ ᠺᠠᠳ᠋ᠷ ᠤᠨ ᠲᠡᠬᠡᠳᠤ ᠰᠤᠷᠭᠠᠭᠣᠯᠢ ᠪᠠᠶᠢᠭᠤᠯᠪᠠ

2017-07-17 16:49

    7 ᠰᠠᠷ᠎ᠠ ᠶ᠋ᠢᠨ 10 ᠤ ᠡᠳᠤᠷ᠂ ᠦᠨᠳᠤᠰᠤᠳᠡᠨ ᠤ ᠺᠠᠲᠠᠷ ᠤᠨ ᠲᠡᠭᠡᠳᠣ ᠰᠤᠷᠭᠠᠭᠣᠯᠢ  ᠦᠪᠤᠷ ᠮᠣᠩᠭ᠋ᠤᠯ ᠤᠨ ᠤᠷᠳᠤᠰ ᠬᠤᠳᠠ ᠶ᠋ᠢᠨ ᠤᠳᠤᠭ ᠤᠨ ᠡᠮᠣᠨᠡᠳᠣ ᠬᠤᠰᠢᠭᠣᠨ ᠤ ᠪᠤᠷᠣ ᠪᠠᠯᠭᠠᠰᠣᠨ ᠳᠤ ᠢᠯᠡᠷᠬᠡᠶᠢᠯᠡᠯ ᠡᠯᠬᠦᠨ ᠪᠠᠶᠢᠭᠤᠯᠣᠭᠳᠠᠵᠣ᠂ ᠲᠦᠪ ᠦᠨ ᠦᠨᠳᠤᠰᠤᠳᠡᠨ ᠤ ᠶᠡᠭᠡ ᠰᠤᠷᠭᠠᠭᠣᠯᠢ ᠪᠣᠯᠣᠨ ᠦᠪᠤᠷ ᠮᠣᠩᠭ᠋ᠤᠯ ᠤᠨ ᠦᠪᠡᠷᠳᠡᠭᠡᠨ ᠵᠠᠰᠠᠬᠣ ᠤᠷᠣᠨ ᠤ ᠨᠠᠮ ᠤᠨ ᠰᠤᠷᠭᠠᠭᠣᠯᠢ ᠶ᠋ᠢᠨ 200 ᠭᠠᠷᠣᠢ ᠰᠤᠷᠤᠯᠭᠠᠲᠠᠨ ᠠᠩᠬᠠᠳᠣᠭᠠᠷ ᠬᠤᠭᠤᠴᠠᠭᠠᠨ ᠤ ᠪᠤᠯᠪᠠᠰᠤᠷᠠᠯ ᠤᠨ ᠠᠩᠭᠢ ᠶ᠋ᠢᠨ ᠨᠡᠭᠡᠭᠡᠯᠳᠠ ᠶ᠋ᠢᠨ ᠶᠤᠰᠤᠯᠠᠯ ᠳ᠋ᠥ ᠤᠷᠣᠯᠴᠠᠪᠠ᠃

    ᠤᠶᠢᠯᠠᠭᠠᠭᠰᠠᠨ ᠵᠢᠡᠷ᠂ ᠲᠣᠰ ᠺᠠᠳᠠᠷ ᠤᠨ ᠲᠡᠬᠡᠳᠤ ᠰᠤᠷᠭᠠᠭᠣᠯᠢ ᠨᠢ ᠶᠠᠨ ᠠᠨ ᠤ ᠦᠨᠳᠤᠰᠣᠳᠡᠨ  ᠤ ᠲᠡᠭᠡᠳᠣ ᠰᠤᠷᠭᠠᠭᠣᠯᠢ ᠶ᠋ᠢᠨ ᠪᠤᠷᠣ ᠪᠠᠯᠭᠠᠰᠣᠨ ᠤ ᠲᠣᠷᠠᠰᠬᠠᠯ ᠤᠨ ᠤᠷᠳᠤᠨ ᠪᠤᠯᠣᠨ ᠪᠤᠷᠣ ᠪᠠᠯᠭᠠᠰᠣᠨ ᠳ᠋ᠡᠬᠢ ᠦᠨᠳᠤᠰᠤᠳᠡᠨ ᠤ ᠺᠠᠲᠠᠷ ᠤᠨ ᠲᠡᠬᠡᠳᠤ ᠰᠤᠷᠭᠠᠭᠣᠯᠢ ᠢᠶᠡᠷ ᠭᠣᠣᠯ ᠪᠣᠯᠭᠠᠬᠣ  ᠶ᠋ᠢᠨ ᠬᠠᠮᠳᠣ᠂ ᠲᠠᠬᠢᠯᠳᠣ ᠶ᠋ᠢᠨ ᠬᠣᠪᠢᠰᠬᠠᠯ ᠤᠨ ᠲᠡᠥᠬᠡᠨ ᠳᠤᠷᠠᠰᠬᠠᠯ ᠤᠨ ᠤᠷᠳᠣᠨ ᠪᠣᠯᠣᠨ ᠸᠠᠩ ᠵᠸᠨ ᠤ ᠬᠤᠳᠳᠤᠭ ᠳᠤᠷᠠᠰᠬᠠᠯ ᠤᠨ ᠬᠦᠷᠢᠶᠡᠯᠡᠩ ᠵᠡᠷᠭᠡ 6 ᠲᠤᠷᠠᠰᠬᠠᠯ ‍ᠤᠨ ᠬᠦᠷᠢᠶᠡᠯᠡᠩ ᠤᠷᠳᠣᠨ ᠢᠶᠡᠷ ᠠᠬᠤᠢ ᠵᠢᠭᠠᠨ ᠰᠤᠷᠭᠠᠯᠲᠠ ᠶ᠋ᠢᠨ ᠴᠢᠭ ᠪᠣᠯᠭᠠᠨ ᠺᠠᠳ᠋ᠷᠴᠤᠳ  ᠤᠨ ᠪᠤᠯᠪᠠᠰᠤᠷᠠᠯ ᠬᠦᠮᠦᠵᠢᠯ ᠪᠠ ᠨᠠᠮᠴᠢ ᠴᠢᠨᠠᠷ ᠤᠨ ᠪᠤᠯᠪᠠᠰᠤᠷᠠᠯ ᠬᠦᠮᠤᠵᠢᠯ ᠢ ᠲᠦᠪᠯᠡᠷᠡᠬᠦᠯᠣᠨ ᠦᠷᠨᠢᠭᠦᠯᠬᠦ ᠪᠤᠯᠤᠨ᠎ᠠ᠃

    ᠤᠳᠤᠭ ᠤᠨ ᠡᠮᠣᠨᠡᠳᠣ ᠬᠤᠰᠢᠭᠤ ᠨᠢ ᠦᠪᠤᠷ ᠮᠣᠩᠭ᠋ᠤᠯ᠂ ᠱᠠᠨᠰᠢ᠂ ᠨᠢᠩᠰᠢᠶᠠ ᠭᠣᠷᠪᠠᠨ ᠮᠤᠵᠢ ᠤᠷᠣᠨ ᠤ ᠵᠠᠭᠠᠭ ᠲᠡᠭᠡᠷ᠎ᠠ ᠪᠠᠶᠢᠷᠢᠯᠠᠭ᠎ᠠ᠂ ᠲᠦᠪ ᠦᠨ ᠤᠯᠠᠭᠠᠨ ᠴᠡᠷᠢᠭ ᠦᠨ ᠪᠠᠶᠢᠭᠤᠯᠣᠭᠰᠠᠨ ᠡᠷᠲᠡ ᠴᠢᠯᠣᠬᠡᠯᠡᠭᠳᠡᠭᠰᠡᠨ ᠤᠷᠣᠨ ᠪᠤᠯᠣᠨ᠎ᠠ᠃1941 ᠤᠨ ᠳ᠋ᠥ ᠨᠠᠮ ᠤᠨ ᠲᠦᠪ ᠬᠤᠷᠢᠶ᠎ᠡ  ᠶᠠᠨ ᠠᠨ ᠳ᠋ᠥ ᠲᠣᠰᠬᠠᠶᠢᠯᠠᠨ ᠴᠦᠬᠡᠨ ᠲᠣᠭᠠᠳᠣ ᠦᠨᠳᠤᠰᠤᠳᠡᠨ ᠤ ᠺᠠᠳ᠋ᠷ ᠢ ᠬᠦᠮᠣᠵᠢᠬᠦᠯᠬᠦ ᠶᠠᠨ ᠠᠨ ᠤ ᠦᠨᠳᠤᠰᠤᠳᠠᠨ ᠤ ᠲᠡᠬᠡᠳᠣ ᠰᠤᠷᠭᠠᠭᠣᠯᠢ ᠶᠢ ᠪᠠᠶᠢᠭᠤᠯᠵᠤ᠂ 1945 ᠣᠨ ᠳ᠋ᠥ ᠶᠠᠨ ᠠᠨ ᠤ ᠦᠨᠳᠤᠰᠤᠳᠠᠨ ᠤ ᠲᠡᠬᠡᠳᠣ ᠰᠤᠷᠭᠠᠭᠣᠯᠢ ᠨᠢ ᠪᠣᠷᠤ ᠪᠠᠯᠭᠠᠰᠣᠨ ᠳ᠋ᠥ ᠰᠢᠯᠵᠢᠨ ᠴᠦᠬᠡᠨ ᠲᠣᠭᠠᠳᠣ ᠦᠨᠳᠤᠰᠤᠳᠡᠨ  ᠤ ᠺᠠᠳ᠋ᠷ ᠢ ᠬᠦᠮᠣᠵᠢᠬᠦᠯᠬᠦ ᠦᠯᠣᠬᠡᠢ ᠪᠤᠯᠣᠭᠰᠠᠨ ᠪᠠᠶᠢᠨ᠎ᠠ᠃ 1949 ᠣᠨ ᠳ᠋ᠥ ᠶᠠᠨ ᠠᠨ ᠤ ᠦᠨᠳᠤᠰᠤᠳᠠᠨ ᠤ ᠲᠡᠬᠡᠳᠣ ᠰᠤᠷᠭᠠᠭᠣᠯᠢ ᠨᠢ ᠰᠤᠷᠭᠠᠭᠣᠯᠢ ᠡᠷᠬᠢᠯᠡᠬᠦ ᠪᠡᠨ ᠪᠣᠯᠢᠭᠠᠳ 1951 ᠤᠨ ᠳ᠋ᠥ ᠪᠡᠬᠡᠵᠢᠩ ᠳᠤ ᠲᠦᠪ ᠦᠨ ᠦᠨᠳᠤᠰᠤᠳᠡᠨ ᠤ ᠶᠡᠭᠡ ᠰᠤᠷᠭᠠᠭᠣᠯᠢ ᠶ᠋ᠢ ᠪᠠᠶᠢᠭᠣᠯᠣᠭᠰᠠᠨ ᠪᠠᠶᠢᠨ᠎ᠠ᠃

ᠢᠷᠡᠯᠳᠡ᠄ ᠠᠷᠠᠳ ᠤᠨ ᠰᠦᠯᠵᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121332767