ᠡᠬᠡ ᠬᠡᠯᠡᠨ ᠤ《ᠪᠤᠱᠤᠭ᠎ᠠ》 -- ᠬᠦᠬᠡᠬᠤᠳᠠ ᠶᠢᠨ ᠢᠦᠢ ᠴᠢᠤᠸᠠᠨ ᠲᠤᠭᠤᠷᠢᠭ ᠤᠨ ᠪᠤᠱᠤᠭ᠎ᠠ ᠦᠨᠳᠦᠰᠦᠲᠡᠨ ᠤ ᠪᠠᠭ᠎ᠠ ᠰᠤᠷᠭᠠᠭᠤᠯᠢ ᠶᠢᠨ ᠮᠣᠩᠭᠣᠯ ᠬᠡᠯᠡ ᠪᠢᠴᠢᠭ᠌ ᠤᠨ ᠵᠢᠭᠠᠨ ᠰᠤᠷᠭᠠᠯᠲᠠ ᠶᠢᠨ ᠲᠤᠬᠠᠢ ᠰᠤᠷᠪᠤᠯᠵᠢᠯᠠᠭ᠎ᠠ 2017-07-21 18:42

    ᠰᠢᠨᠬᠤᠸᠠ ᠮᠣᠩᠭᠣᠯ ᠨᠧᠲ  ᠬᠦᠬᠡᠬᠤᠲᠠ ᠶᠢᠨ 7 ᠰᠠᠷ᠎ᠠ ᠶᠢᠨ 20 ᠤ ᠡᠳᠦᠷ ᠤᠨ ᠴᠠᠬᠢᠯᠭᠠᠨ ᠮᠡᠳᠡᠭᠡ (ᠪᠤᠯᠤᠷᠴᠡᠴᠡᠭ ᠬᠡᠤᠬᠡᠨᠰᠤᠯᠢ) 《ᠨᠤᠮ ᠨᠤᠮ ᠤᠩᠰᠢᠶ᠎ᠠ᠂ ᠨᠤᠮ ᠤᠨ ᠰᠠᠩ ᠳᠤ ᠤᠴᠢᠶ᠎ᠠ》᠃ ᠬᠦᠬᠡᠬᠤᠳᠠ ᠶᠢᠨ ᠢᠦᠢ ᠴᠢᠤᠸᠠᠨ ᠲᠤᠭᠤᠷᠢᠭ ᠤᠨ ᠪᠤᠱᠤᠭ᠎ᠠ ᠦᠨᠳᠦᠰᠦᠲᠡᠨ ᠤ ᠪᠠᠭ᠎ᠠ ᠰᠤᠷᠭᠠᠭᠤᠯᠢ ᠶᠢᠨ ᠬᠢᠴᠢᠶᠡᠯ ᠤᠨ ᠳᠠᠩᠬᠢᠮ ᠡᠴᠡ ᠡᠬᠡ ᠬᠡᠯᠡᠨ ᠤ ᠢᠷᠠᠭᠤ ᠳᠤᠳᠤ ᠤᠩᠰᠢᠯᠭ᠎ᠠ ᠳᠤᠭᠤᠯᠳᠠᠵᠤ᠂ ᠡᠨᠳᠡ ᠰᠤᠷᠴᠤ ᠪᠠᠶᠢᠭ᠎ᠠ 400 ᠭᠠᠷᠤᠢ ᠬᠡᠤᠬᠡᠳ ᠤᠨ ᠨᠢᠬᠡ ᠡᠳᠦᠷ ᠤᠨ ᠬᠢᠴᠢᠶᠡᠯ ᠡᠶᠢᠨᠬᠦ ᠡᠬᠢᠯᠡᠨ᠎ᠡ᠃

    ᠳᠤᠰ ᠰᠤᠷᠭᠠᠭᠤᠯᠢ ᠬᠦᠬᠡᠬᠤᠳᠠ ᠶᠢᠨ ᠡᠮᠦᠨ᠎ᠡ ᠳᠡᠬᠦᠷᠬᠡ ᠳᠤ ᠠᠭᠤᠵᠢᠮᠬᠠᠨ ᠪᠠᠶᠢᠷᠢ ᠠᠪᠴᠤ ᠰᠠᠭᠤᠷᠢᠰᠢᠵᠠᠢ᠃ ᠳᠠᠮᠢᠷ ᠤᠨ ᠳᠠᠯᠠᠪᠠᠢ ᠶᠢᠨ ᠬᠤᠶᠠᠷ ᠳᠠᠯ᠎ᠠ ᠳᠤ ᠪᠠᠷᠢᠭᠰᠠᠨ ᠰᠢᠨ᠎ᠡ ᠬᠠᠭᠤᠴᠢᠨ ᠬᠤᠶᠠᠷ ᠠᠰᠠᠷ ᠡᠨᠡ ᠬᠦᠷᠢᠶᠡᠨ ᠳᠤ ᠳᠠᠩᠴᠢ ᠬᠤᠩᠬᠢᠯᠳᠤᠵᠤ᠂ ᠬᠢᠴᠢᠶᠡᠯ ᠤᠨ ᠬᠡᠷ ᠤᠨ ᠡᠯᠡᠭᠳᠡᠵᠤ ᠬᠠᠭᠤᠴᠢᠷᠠᠭᠰᠠᠨ ᠰᠢᠷᠡᠭᠡ ᠰᠠᠨᠳᠠᠯᠢ᠂ ᠦᠩᠭᠡ ᠮᠠᠭᠤᠳᠠᠢ ᠼᠧᠮᠧᠨ᠋ᠲ ᠱᠠᠯᠠ ᠬᠡᠤᠬᠡᠳ ᠤᠳ ᠤᠨ ᠪᠢᠴᠢᠭ ᠰᠤᠷᠬᠤ ᠤᠷᠮ᠎ᠠ ᠶᠢ ᠵᠢᠭᠠᠬᠠᠨ ᠴᠤ ᠬᠤᠭᠤᠯᠤᠭ᠎ᠠ ᠦᠬᠡᠢ ᠨᠢ ᠰᠠᠶ᠊ᠢ ᠶᠢᠨ ᠴᠤᠭ ᠵᠢᠪᠬᠤᠭᠠᠯᠢᠭ ᠪᠠᠶᠢᠳᠠᠯ ᠡᠴᠡ ᠰᠡᠷᠡᠭᠳᠡᠵᠤ ᠪᠠᠶᠢᠯ᠎ᠠ᠃

    《ᠮᠠᠨ ᠤ ᠰᠤᠷᠭᠠᠭᠤᠯᠢ 1951 ᠤᠨ ᠳᠤ ᠪᠠᠶᠢᠭᠤᠯᠤᠭᠳᠠᠭᠰᠠᠨ᠂ ᠨᠡᠶᠢᠳᠡ 22590 ᠺᠦᠸᠠᠳ᠋ ᠮᠧᠲ᠋ᠷ ᠳᠠᠯᠠᠪᠠᠢ ᠲᠠᠢ᠂ ᠡᠬᠦᠨ ᠳᠤ ᠪᠠᠷᠢᠯᠭ᠎ᠠ ᠶᠢᠨ ᠳᠠᠯᠠᠪᠠᠢ 2700 ᠭᠠᠷᠤᠢ ᠺᠦᠸᠠᠳ᠋ ᠮᠧᠲ᠋ᠷ ᠬᠦᠷᠴᠤ ᠪᠤᠢ᠃ ᠰᠤᠷᠭᠠᠭᠤᠯᠢ ᠳᠤ ᠨᠢᠭᠡ ᠡᠴᠡ ᠵᠢᠷᠭᠤᠳᠤᠭᠠᠷ ᠤᠨ ᠬᠦᠷᠲᠡᠯ᠎ᠠ ᠨᠡᠶᠢᠲᠡ 12 ᠠᠩᠭᠢ ᠲᠠᠢ᠂ ᠡᠭᠦᠨ ᠳᠤ 6 ᠠᠩᠭᠢ ᠳᠤᠨᠢ ᠮᠣᠩᠭᠣᠯ ᠬᠡᠯᠡ ᠪᠢᠴᠢᠭ᠌ ᠵᠢᠭᠠᠳᠠᠭ》ᠬᠡᠵᠤ ᠬᠦᠬᠡᠬᠤᠳᠠ ᠶᠢᠨ ᠢᠦᠢ ᠴᠢᠤᠸᠠᠨ ᠲᠤᠭᠤᠷᠢᠭ ᠤᠨ ᠪᠤᠱᠤᠭ᠎ᠠ ᠦᠨᠳᠦᠰᠦᠲᠡᠨ ᠤ ᠪᠠᠭ᠎ᠠ ᠰᠤᠷᠭᠠᠭᠤᠯᠢ ᠶᠢᠨ ᠨᠠᠮ ᠤᠨ ᠡᠬᠦᠷ ᠤᠨ ᠱᠦᠵᠢ ᠴᠢᠨ ᠭᠤᠸᠠᠨ ᠢᠦᠢ ᠰᠤᠷᠪᠤᠯᠵᠢᠯᠠᠭ᠎ᠠ ᠬᠦᠯᠢᠶᠡᠬᠦ  ᠳᠡᠭᠡᠨ ᠳᠠᠨᠢᠯᠴᠠᠭᠤᠯᠤᠯ᠎ᠠ᠃

    ᠳᠤᠰ ᠰᠤᠷᠭᠠᠭᠤᠯᠢ ᠳᠤ ᠰᠤᠷᠳᠠᠭ ᠬᠡᠤᠬᠡᠳ ᠤᠳ ᠨᠢ ᠴᠦᠮ ᠢᠤᠢ ᠴᠢᠤᠧᠠᠨ ᠳᠤᠭᠤᠷᠢᠭ ᠤᠨ ᠬᠡᠳᠦᠨ ᠮᠤᠩᠭᠤᠯ ᠳᠤᠰᠬᠤᠨ ᠤ ᠬᠡᠤᠬᠡᠳ ᠤᠳ ᠪᠢᠯᠡ᠃ ᠬᠡᠳᠦᠶᠢᠪᠡᠷ ᠳᠡᠳᠡᠨᠡᠷ ᠤᠨ ᠦᠰᠴᠤ ᠳᠦᠷᠦᠭᠰᠡᠨ ᠤᠷᠴᠢᠨ ᠳᠤ ᠮᠤᠩᠭᠤᠯ ᠢᠶᠡᠷ ᠶᠠᠷᠢᠬᠤ ᠨᠥᠬᠦᠴᠡᠯ ᠪᠠᠶᠢᠬᠤ ᠦᠬᠡᠢ ᠪᠤᠯᠤᠭᠰᠠᠨ ᠴᠤ ᠡᠬᠡ ᠬᠡᠯᠡ ᠪᠡᠨ ᠰᠤᠷᠴᠤ ᠡᠵᠡᠮᠰᠢᠶ᠎ᠡ ᠬᠡᠰᠡᠨ ᠬᠦᠰᠡᠯ ᠤᠨ ᠴᠤᠭ ᠨᠢ ᠤᠨᠳᠠᠷᠠᠭ᠎ᠠ ᠦᠬᠡᠢ ᠠᠵᠢ᠃ ᠡᠨᠡ ᠪᠠᠶᠢᠳᠠᠯ ᠳᠤ ᠬᠠᠨᠳᠤᠭᠤᠯᠤᠨ ᠳᠤᠰ ᠰᠤᠷᠭᠠᠭᠤᠯᠢ ᠮᠤᠩᠭᠤᠯ ᠬᠡᠯᠡᠨ ᠤ ᠳᠤᠰᠬᠠᠢ ᠮᠡᠷᠬᠡᠵᠢᠯ ᠤᠨ 3 ᠪᠠᠭᠰᠢ ᠡᠯᠰᠡᠨ ᠬᠡᠤᠬᠡᠳ ᠤᠳ ᠲᠤ ᠮᠤᠩᠭᠤᠯ ᠬᠡᠯᠡ ᠵᠢᠭᠠᠯᠭᠠᠵᠠᠢ᠃ ᠠᠩᠬ᠎ᠠ ᠡᠬᠢᠯᠡᠬᠡᠳ ᠭᠠᠯᠢᠭ ᠦᠰᠦᠭ ᠢᠶᠡᠷ ᠤᠩᠰᠢᠯᠭ᠎ᠠ ᠶᠢ ᠲᠡᠮᠳᠡᠭᠯᠡᠭᠰᠡᠨ ᠵᠢᠭᠠᠬᠤ ᠮᠠᠲ᠋ᠧᠷᠢᠶᠠᠯ ᠳᠤ ᠰᠠᠭᠤᠷᠢᠯᠠᠨ ᠶᠠᠷᠢᠶᠠᠨ ᠤ ᠬᠡᠯᠡ ᠶᠢ ᠭᠤᠤᠯᠴᠢᠯᠠᠨ ᠵᠢᠭᠠᠵᠤ ᠪᠠᠶᠢᠭᠰᠠᠨ ᠢᠶᠡᠨ ᠰᠡᠭᠦᠯ ᠤᠨ ᠵᠢᠯ ᠤᠳ ᠲᠤ ᠮᠣᠩᠭᠣᠯ ᠬᠡᠯᠡ ᠵᠢᠭᠠᠨ ᠰᠤᠷᠭᠠᠬᠤ ᠪᠠᠷᠢᠮᠵᠢᠶ᠎ᠠ᠂ ᠴᠢᠨᠠᠷ ᠴᠢᠨᠰᠠᠭ᠎ᠠ ᠪᠡᠨ ᠳᠡᠭᠡᠭ᠍ᠰᠢᠯᠡᠭᠦᠯᠬᠦ ᠶᠢᠨ ᠲᠦᠯᠦᠭᠡ ᠮᠣᠩᠭᠣᠯ ᠬᠡᠯᠡ ᠶᠢ ᠴᠠᠭᠠᠨ ᠲᠤᠯᠤᠭᠠᠢ ᠡᠴᠡ ᠨᠢ ᠡᠬᠢᠯᠡᠨ ᠵᠢᠭᠠᠵᠤ᠂ ᠶᠠᠷᠢᠵᠤ ᠪᠢᠴᠢᠬᠦ ᠶᠢ ᠬᠠᠮᠲᠤ ᠳᠤᠨᠢ ᠴᠢᠬᠤᠯᠠᠴᠢᠯᠠᠬᠤ ᠪᠤᠯᠵᠠᠢ᠃ ᠮᠣᠩᠭᠣᠯ ᠬᠡᠯᠡᠨ ᠤ ᠵᠢᠭᠠᠨ ᠰᠤᠷᠭᠠᠯᠲᠠ ᠶᠢᠨ ᠬᠢᠨᠢ ᠲᠤᠬᠠᠢ ᠤᠯᠠᠮ ᠨᠢᠬᠡ ᠠᠯᠬᠤᠮ ᠤᠶᠢᠯᠠᠭᠠᠬᠤ  ᠶᠢᠨ ᠲᠤᠯᠠᠲᠠ ᠲᠤᠰ ᠰᠤᠷᠭᠠᠭᠤᠯᠢ ᠶᠢᠨ ᠮᠣᠩᠭᠣᠯ ᠬᠡᠯᠡᠨ ᠤ ᠪᠠᠭᠰᠢ ᠬᠠᠰᠲᠤᠶᠠᠭ᠎ᠠ ᠲᠠᠢ ᠶᠠᠷᠢᠯᠴᠠᠯᠭ᠎ᠠ ᠦᠷᠨᠢᠭᠦᠯᠦᠭᠰᠡᠨ ᠶᠤᠮ᠃

    ᠳᠡᠷᠡᠪᠡᠷ᠂ ᠪᠢ 2011 ᠤᠨ ᠳᠤ ᠦᠪᠦᠷ ᠮᠣᠩᠭᠣᠯ ᠤᠨ ᠶᠡᠬᠡ ᠰᠤᠷᠭᠠᠭᠤᠯᠢ ᠡᠴᠡ ᠲᠡᠭᠦᠰᠴᠤ ᠡᠨᠡ ᠰᠤᠷᠭᠠᠭᠤᠯᠢ ᠳᠤ ᠮᠣᠩᠭᠣᠯ ᠬᠡᠯᠡᠨ ᠤ ᠪᠠᠭᠰᠢ ᠪᠡᠷ ᠡᠯᠰᠡᠭᠳᠡᠵᠤ ᠢᠷᠡᠭᠰᠡᠨ᠃ ᠮᠠᠨ ᠤ ᠬᠡᠤᠬᠡᠳ ᠤᠳ ᠤᠨ ᠤᠯᠠᠩᠭᠢ ᠨᠢ ᠦᠨᠦᠴᠢᠨ ᠦᠷᠦᠭᠡᠰᠦᠨ ᠪᠢᠰᠢ ᠪᠤᠯ ᠡᠪᠦᠬᠡ ᠡᠮᠡᠬᠡ ᠶᠢᠨ ᠢᠶᠡᠨ ᠭᠠᠷ ᠳᠡᠬᠡᠷ᠎ᠡ ᠦᠯᠡᠳᠡᠵᠤ ᠬᠤᠴᠤᠷᠤᠭᠰᠠᠨ ᠬᠡᠤᠬᠡᠳ ᠤᠳ ᠪᠠᠶᠢᠳᠠᠭ᠃ ᠰᠤᠷᠭᠠᠭᠤᠯᠢ ᠳᠤ ᠪᠡᠨ ᠪᠠᠶᠢᠬᠤ ᠳᠤᠨᠢ ᠡᠳᠦᠷ ᠪᠦᠷᠢ ᠶᠠᠷᠢᠭᠤᠯᠵᠤ ᠬᠡᠯᠡ ᠶᠢ ᠨᠢ ᠵᠦᠭᠰᠢᠷᠡᠭᠦᠯᠬᠦ ᠬᠡᠷᠡᠭᠳᠡᠢ᠂ ᠤᠨᠴᠠᠭᠠᠶᠢᠯᠠᠨ ᠬᠡᠲᠤᠨ ᠡᠳᠦᠷ ᠬᠢᠴᠢᠶᠡᠯ ᠤᠰᠤᠯᠳᠠᠬᠤ ᠪᠤᠶᠤ ᠡᠪᠦᠯ ᠵᠤᠨ ᠤ ᠠᠮᠠᠷᠠᠯᠲᠠ ᠦᠩᠬᠡᠷᠡᠭᠡᠳ  ᠢᠷᠡᠭᠰᠡᠭᠡᠷ ᠮᠠᠷᠳᠠᠭᠰᠠᠨ ᠦᠬᠡ ᠶᠢ ᠨᠢ ᠳᠠᠬᠢᠨ ᠵᠢᠭᠠᠵᠤ ᠬᠦᠰᠢᠭᠰᠡᠨ ᠬᠡᠯᠡ ᠶᠢ ᠨᠢ ᠵᠦᠭᠰᠢᠷᠡᠬᠦᠯᠬᠦ ᠬᠡᠵᠤ ᠨᠡᠯᠢᠶᠡᠳ ᠬᠦᠴᠦ ᠵᠠᠷᠤᠴᠠᠭᠤᠯᠳᠠᠭ᠂ ᠪᠠᠰᠠ ᠶᠠᠩᠵᠤ ᠶᠢᠨ ᠠᠷᠭ᠎ᠠ ᠬᠡᠷᠡᠭᠯᠡᠳᠡᠭ ᠭᠡᠵᠤ ᠰᠤᠷᠤᠭᠴᠢᠳ ᠤᠨ ᠢᠶᠡᠨ ᠵᠢᠵᠢᠭ᠌ ᠰᠠᠵᠢᠭ ᠶᠠᠪᠤᠳᠠᠯ ᠢ ᠴᠤ ᠬᠦᠨᠳᠦᠳᠭᠡᠨ ᠦᠵᠡᠵᠤ ᠰᠤᠷᠤᠭᠴᠢᠳ ᠤᠨ ᠢᠶᠡᠨ ᠢᠯᠡᠷᠡᠯ ᠪᠠᠶᠢᠳᠠᠯ ᠢ ᠠᠵᠢᠭᠯᠠᠵᠤ ᠠᠩᠬᠠᠷᠴᠤ ᠪᠠᠶᠢᠳᠠᠭ ᠬᠠᠰᠲᠤᠶᠠᠭ᠎ᠠ ᠪᠠᠭᠰᠢ ᠮᠠᠰᠢ ᠵᠢᠷᠭᠠᠯᠲᠠᠢ ᠪᠠᠶᠠᠰᠤᠩᠭ᠋᠋ᠤᠢ ᠶᠠᠷᠢᠨ᠎ᠠ᠃

    ᠲᠡᠷᠨ ᠪᠠᠰᠠ᠂ ᠬᠢᠴᠢᠶᠡᠯᠡᠯᠭᠡ ᠳᠤᠮᠳᠠ ᠠᠯᠢ ᠴᠢᠳᠠᠬᠤ ᠪᠡᠷ ᠰᠤᠷᠤᠭᠴᠢᠳ ᠲᠤ ᠤᠶᠢᠯᠠᠭᠠᠭᠤᠯᠵᠤ ᠮᠡᠳᠡᠷᠡᠭᠦᠯᠬᠦ ᠶᠢᠨ ᠲᠦᠯᠦᠭᠡ ᠪᠤᠲᠠᠲᠠᠢ ᠶᠠᠭᠤᠮᠠᠰ ᠢ ᠬᠡᠷᠡᠭᠯᠡᠵᠤ ᠰᠤᠷᠤᠭᠴᠢᠳ ᠲᠤ ᠦᠵᠡᠭᠦᠯᠵᠤ ᠪᠠᠶᠢᠭᠠᠳ ᠵᠢᠭᠠᠳᠠᠭ᠃ ᠵᠢᠱᠢᠶᠡᠯᠡᠪᠡᠯ᠄ ᠬᠠᠳᠠᠭ ᠢ ᠶᠠᠭᠠᠬᠢᠵᠤ ᠪᠠᠷᠢᠬᠤ᠂ ᠬᠠᠳᠠᠭ ᠤᠨ ᠠᠮᠠ ᠶᠢ ᠬᠠᠮᠢᠭᠠᠰᠢ ᠬᠠᠨᠳᠤᠭᠤᠯᠬᠤ᠂ ᠮᠣᠩᠭᠣᠯ ᠤᠨ ᠲᠠᠪᠤᠨ ᠦᠩᠭᠡ ᠶᠢᠨ ᠤᠳᠬ᠎ᠠ ᠤᠴᠢᠷ ᠵᠡᠷᠭᠡ ᠶᠢ ᠲᠠᠨᠢᠯᠴᠠᠭᠤᠯᠬᠤ ᠳᠤ ᠳᠤᠰᠬᠠᠢ ᠪᠤᠳᠠᠰ ᠢ ᠨᠢ ᠬᠡᠷᠡᠭᠯᠡᠳᠡᠭ᠃ ᠮᠠᠨ ᠤ ᠰᠤᠷᠤᠭᠴᠢᠳ ᠵᠢᠷᠭᠤᠭᠠᠨ ᠤᠨ ᠲᠡᠭᠦᠰᠦᠭᠡᠳ ᠭᠠᠷᠲᠠᠯ᠎ᠠ ᠬᠦᠮᠦᠨ ᠲᠠᠢ ᠬᠠᠷᠢᠯᠴᠠᠬᠤ ᠡᠩ ᠤᠨ ᠶᠠᠷᠢᠶ᠎ᠠ᠂ ᠵᠠᠩ ᠦᠢᠯᠡ᠂ ᠶᠤᠰᠤ ᠵᠦᠢ ᠶᠢᠨ ᠲᠠᠯ᠎ᠠ ᠪᠡᠷ ᠴᠦᠮ ᠤᠶᠢᠯᠠᠭᠠᠵᠤ ᠮᠡᠳᠡᠳᠡᠭ ᠳᠡᠳᠦᠢ ᠦᠬᠡᠢ ᠶᠠᠷᠢᠵᠤ ᠴᠢᠳᠠᠬᠤ ᠪᠤᠯᠳᠠᠭ᠃ ᠡᠯ᠎ᠠ ᠲᠦᠷᠦᠯ ᠤᠨ ᠬᠢᠴᠢᠶᠡᠯ ᠤᠨ ᠭᠠᠳᠠᠨᠠᠬᠢ ᠤᠷᠤᠯᠳᠤᠭᠠᠨ ᠬᠦᠳᠡᠯᠭᠡᠭᠡᠨ ᠳᠤ ᠪᠠᠰᠠ ᠢᠳᠡᠪᠬᠢᠲᠠᠢ ᠤᠷᠤᠯᠴᠠᠭᠤᠯᠳᠠᠭ᠃ ᠬᠦᠬᠡᠬᠤᠲᠠ ᠶᠢᠨ ᠦᠨᠳᠦᠰᠦᠲᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠦ ᠵᠦᠪᠯᠡᠯ ᠡᠴᠡ ᠵᠢᠯ ᠪᠦᠷᠢ ᠵᠤᠬᠢᠶᠠᠨ ᠪᠠᠶᠢᠭᠤᠯᠵᠤ ᠪᠠᠶᠢᠭ᠎ᠠ《ᠲᠠᠷᠬᠠᠨ ᠬᠡᠯᠡ》 ᠶᠢᠨ ᠤᠷᠤᠯᠳᠤᠭᠠᠨ ᠳᠤ ᠮᠠᠨ ᠤ ᠰᠤᠷᠤᠭᠴᠢᠳ ᠤᠷᠤᠯᠴᠠᠭᠠᠳ ᠲᠡᠷᠢᠭᠦᠨ ᠪᠠᠶᠢᠷᠢᠨ ᠳᠤ ᠳᠤᠳᠤᠷᠠᠵᠤ ᠴᠢᠳᠠᠭ᠎ᠠ ᠦᠬᠡᠢ ᠴᠤ ᠤᠳᠠᠭ᠎ᠠ ᠪᠤᠯᠭᠠᠨ ᠬᠤᠶᠠᠷ ᠭᠤᠷᠪᠠᠳᠤᠭᠠᠷ ᠪᠠᠶᠢᠷᠢ ᠪᠡᠨ ᠠᠯᠳᠠᠳᠠᠭ ᠦᠭᠡᠢ ᠭᠡᠵᠤ ᠤᠮᠤᠭᠳᠠᠶᠢᠬᠠᠨ ᠶᠠᠷᠢᠵᠤ ᠪᠠᠢᠶᠯ᠎ᠠ᠃

    ᠨᠡᠶᠢᠳᠡᠯᠡᠯ ᠤᠨ ᠡᠬᠢᠨ ᠳᠤ ᠰᠤᠷᠪᠤᠯᠵᠢᠯᠠᠭ᠎ᠠ ᠶᠢᠨ ᠸᠢᠳᠢᠣ᠋ ᠶᠢ ᠨᠡᠶᠢᠳᠡᠯᠡᠵᠤ ᠲᠠ ᠪᠦᠬᠦᠨ ᠳᠡᠬᠡᠨ ᠬᠦᠷᠳᠡᠬᠡᠯ ᠪᠤᠯᠭᠠᠯ᠎ᠠ᠃ ᠪᠤᠯᠭᠤᠭᠠᠨ ᠰᠤᠨᠢᠷᠬᠠᠮᠤ !

ᠢᠷᠡᠯᠳᠡ᠄ ᠰᠢᠨᠬᠤᠸᠠ ᠮᠣᠩᠭᠣᠯ ᠨᠧᠲ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011100001121360175