蒙古文网站Logo
ᠰᠢᠨᠬᠤᠸᠠ ᠮᠤᠩᠭ᠋ᠤᠯ ᠨᠧᠲ

ᠰᠢᠩᠭ᠋ᠠᠫᠤᠷ ᠤᠨ ᠵᠠᠯᠠᠭᠤᠴᠤᠳ ᠪᠠᠭᠠᠴᠤᠳ ᠤᠨ ᠤᠶᠢᠷ᠎ᠠ ᠬᠠᠷᠠᠭ᠎ᠠ ᠲᠠᠢ ᠪᠤᠯᠬᠤ ᠨᠤᠷᠮ᠎ᠠ 10 ᠵᠢᠯ  ᠤᠨ ᠲᠤᠷᠰᠢ ᠲᠤᠭᠲᠠᠭᠤᠨ ᠪᠠᠢᠢᠪᠠ

2017-08-16 16:49

    ᠰᠢᠨᠬᠤᠧᠠ ᠬᠤᠷᠢᠶ᠎ᠠ   ᠰᠢᠩᠭ᠋ᠠᠫᠤᠷ ᠤᠨ 8 ᠰᠠᠷ᠎ᠠ ᠶᠢᠨ 15 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠢ ᠰᠢᠶᠤᠤ ᠢᠦᠢ ) 《ᠨᠢᠭᠡᠲᠦᠭᠰᠡᠨ ᠦᠷᠯᠦᠭᠡ ᠶᠢᠨ ᠰᠤᠨᠢᠨ 》 ᠤ 15 ᠤ ᠡᠲᠦᠷ ᠤᠨ ᠮᠡᠲᠡᠭᠡᠯᠡᠭᠰᠡᠨ ᠢᠶᠡᠷ᠂ ᠰᠢᠩᠭ᠋ᠠᠫᠤᠷ ᠤᠨ ᠡᠷᠡᠬᠦᠯ ᠬᠠᠮᠠᠭᠠᠯᠠᠯ ᠢ ᠠᠬᠢᠭᠤᠯᠬᠤ ᠲᠤᠪᠴᠢᠶ᠎ᠠ ᠲᠤᠰ ᠤᠯᠤᠰ ᠤᠨ ᠪᠠᠭ᠎ᠠ ᠰᠤᠷᠭᠠᠭᠤᠯᠢ ᠶᠢᠨ ᠵᠢᠷᠭᠤᠲᠤᠭᠠᠷ ᠤᠨ ᠤ ᠰᠤᠷᠤᠭᠴᠢ ᠶᠢᠨ ᠤᠶᠢᠷ᠎ᠠ ᠬᠠᠷᠠᠭ᠎ᠠ ᠲᠠᠢ ᠪᠤᠯᠬᠤ ᠨᠤᠷᠮ᠎ᠠ ᠦᠩᠭᠡᠷᠡᠭᠰᠡᠨ 10 ᠵᠢᠯ ᠳ᠋ᠤ 65ᠤᠷᠴᠢᠮ ᠪᠠᠶᠢᠵᠤ᠂ ᠪᠠᠭ᠎ᠠ ᠰᠤᠷᠭᠠᠭᠤᠯᠢ ᠶᠢᠨ ᠨᠢᠭᠡᠲᠦᠭᠡᠷ ᠤᠨ ᠤ ᠰᠤᠷᠤᠭᠴᠢ ᠶᠢᠨ ᠤᠶᠢᠷ᠎ᠠ ᠬᠠᠷᠠᠭ᠎ᠠ ᠲᠠᠢ ᠪᠤᠯᠬᠤ ᠨᠤᠷᠮ᠎ᠠ 28ᠡᠴᠡ ᠲᠠᠪᠠᠬᠰᠠᠨ ᠦᠭᠡᠢ ᠭᠡᠵᠡᠢ᠃

    ᠰᠡᠬᠦᠯ ᠤᠨ ᠵᠢᠯ ᠡᠴᠡ ᠨᠠᠰᠢ᠂ ᠰᠢᠩᠭ᠋ᠠᠫᠤᠷ ᠤᠨ 19 ᠨᠠᠰᠤ ᠤᠷᠴᠢᠮ ᠤᠨ ᠴᠡᠷᠢᠭ ᠲᠤ ᠲᠠᠲᠠᠭᠰᠠᠳ ᠤᠨ ᠤᠶᠢᠷ᠎ᠠ ᠬᠠᠷᠠᠭ᠎ᠠ ᠲᠠᠢ ᠨᠢ 80ᠢᠯᠡᠬᠦᠦ ᠪᠠᠶᠢᠵᠤ᠂ 1982 ᠤᠨ ᠪᠠ 1995 ᠤᠨ ᠤ ᠴᠡᠷᠢᠭ ᠲᠤ ᠲᠠᠲᠠᠬᠤ ᠲᠤᠭ᠎ᠠ ᠨᠤᠷᠮ᠎ᠠ ᠲᠠᠢ ᠦᠨᠳᠦᠰᠦᠨ ᠳ᠋ᠡᠭᠡᠨ ᠠᠳᠠᠯᠢ᠃

    ᠰᠤᠷᠭᠠᠭᠤᠯᠢ ᠪᠠ ᠭᠡᠷ ᠤᠨ ᠠᠬᠠᠮᠠᠳ ᠬᠡᠦᠬᠡᠳ ᠤᠨ ᠬᠦᠲᠡᠯᠭᠡᠭᠡᠨ ᠳ᠋ᠤ ᠤᠷᠤᠯᠴᠠᠬᠤ ᠶᠢ ᠴᠢᠬᠤᠯᠠᠴᠢᠯᠬᠤ ᠪᠤᠯᠤᠭᠰᠠᠨ ᠪᠠ ᠵᠠᠰᠠᠭ ᠤᠨ ᠭᠠᠵᠠᠷ ᠡᠴᠡ ᠰᠤᠷᠭᠠᠨ ᠬᠦᠮᠦᠵᠢᠬᠦᠯᠬᠦ ᠪᠠ ᠪᠠᠭ᠎ᠠ ᠰᠤᠷᠭᠠᠭᠤᠯᠢ ᠶᠢᠨ ᠲᠦᠷᠪᠡᠲᠦᠭᠡᠷ ᠤᠨ ᠳ᠋ᠤ ᠡᠭᠡᠯᠵᠢ ᠬᠤᠪᠢᠶᠠᠬᠤ ᠲᠦᠷᠢᠮ ᠢ ᠦᠭᠡᠶᠢᠰᠭᠡᠭ᠍ᠰᠡᠨ ᠢᠶᠡᠷ ᠢᠷᠡᠭᠡᠲᠦᠢ ᠳ᠋ᠤ ᠰᠢᠩᠭ᠋ᠠᠫᠤᠷ ᠤᠨ ᠬᠡᠦᠬᠡᠳ ᠤᠶᠢᠷ᠎ᠠ ᠬᠠᠷᠠᠭ᠎ᠠ ᠲᠠᠢ ᠪᠤᠯᠬᠤ ᠨᠤᠷᠮ᠎ᠠ ᠲᠤᠭᠲᠠᠭᠤᠨ ᠪᠤᠯᠬᠤ ᠪᠤᠶᠤ ᠪᠠᠭᠠᠰᠬᠤ ᠬᠠᠨᠲᠤᠰᠢ ᠲᠠᠢ ᠭᠡᠵᠦ ᠰᠢᠩᠭ᠋ᠠᠫᠤᠷ ᠤᠨ ᠨᠢᠲᠦᠨ ᠤ ᠰᠠᠯᠠᠭᠠᠨ ᠤ ᠰᠢᠨᠵᠢᠯᠡᠭᠡᠨ ᠤ ᠬᠦᠷᠢᠶᠡᠯᠡᠩ ᠤᠨ ᠤᠶᠢᠷ᠎ᠠ ᠬᠠᠷᠠᠭ᠎ᠠ ᠶᠢ ᠰᠤᠲᠤᠯᠬᠤ ᠡᠷᠬᠢᠯᠡᠭᠴᠢ ᠰᠦ ᠰᠢᠶᠠᠩ ᠮᠧᠢ ᠶᠠᠷᠢᠨ᠎ᠠ᠃

    ᠰᠦ ᠰᠢᠶᠠᠩ ᠮᠧᠢ ᠶᠢᠨ ᠦᠵᠡᠬᠦ ᠪᠡᠷ᠂ ᠰᠢᠩᠭ᠋ᠠᠫᠤᠷ 20 ᠳ᠋ᠤᠭᠠᠷ ᠵᠠᠭᠤᠨ ᠤ ᠲᠠᠯᠠᠭᠠᠳ ᠤᠨ ᠤ ᠰᠡᠬᠦᠯᠴᠢ ᠡᠴᠡ ᠡᠬᠢᠯᠡᠨ ᠰᠤᠷᠭᠠᠨ ᠬᠦᠮᠦᠵᠢᠯ ᠤᠨ ᠲᠦᠷᠢᠮ ᠳ᠋ᠤ ᠦᠭᠡᠷᠡᠴᠢᠯᠡᠯᠲᠡ ᠬᠢᠵᠦ᠂ ᠪᠠᠭ᠎ᠠ ᠰᠤᠷᠭᠠᠭᠤᠯᠢ ᠶᠢᠨ ᠲᠦᠷᠪᠡᠲᠦᠭᠡᠷ ᠤᠨ ᠪᠠ ᠲᠤᠮᠲᠠᠲᠤ ᠰᠤᠷᠭᠠᠭᠤᠯᠢ ᠶᠢ ᠡᠭᠡᠯᠵᠢ ᠬᠤᠪᠢᠶᠠᠬᠤ ᠲᠦᠷᠢᠮ ᠢ ᠬᠡᠷᠡᠭᠵᠢᠬᠦᠯᠦᠭᠰᠡᠨ ᠡᠴᠡ ᠰᠤᠷᠤᠭᠴᠢᠳ ᠤᠨ ᠦᠷᠢᠰᠦᠯᠲᠦᠭᠡᠨ ᠮᠠᠰᠢ ᠬᠤᠷᠴᠡ ᠰᠢᠷᠦᠬᠦᠨ ᠪᠤᠯᠵᠤ᠂ ᠪᠠᠶ᠎ᠠ ᠶᠢᠨ ᠲᠠᠮᠢᠷ ᠤᠨ ᠬᠦᠲᠡᠯᠭᠡᠭᠡᠨ ᠤ ᠴᠠᠭ ᠬᠤᠮᠰᠠᠲᠠᠵᠤ᠂ ᠨᠡᠩ ᠤᠯᠠᠨ ᠴᠠᠭ ᠢ ᠰᠤᠷᠤᠯᠴᠠᠯᠭ᠎ᠠ ᠳ᠋ᠤ ᠵᠠᠷᠤᠴᠠᠭᠤᠯᠤᠭᠰᠠᠨ ᠢᠶᠡᠷ ᠤᠶᠢᠷ᠎ᠠ ᠬᠠᠷᠠᠭ᠎ᠠ ᠲᠠᠢ ᠪᠤᠯᠬᠤ ᠦᠵᠡᠭᠲᠡᠯ ᠬᠡᠴᠡᠬᠦᠦ ᠪᠤᠯᠪᠠ ᠭᠡᠵᠡᠢ᠃

    ᠰᠢᠩᠭ᠋ᠠᠫᠤᠷ ᠤᠨ ᠡᠷᠡᠬᠦᠯ ᠬᠠᠮᠠᠭᠠᠯᠠᠯ ᠢ ᠠᠬᠢᠭᠤᠯᠬᠤ ᠲᠤᠪᠴᠢᠶ᠎ᠠ ᠡᠴᠡ ᠰᠢᠩᠭ᠋ᠠᠫᠤᠷ ᠤᠨ ᠬᠡᠦᠬᠡᠳ ᠤᠨ ᠤᠶᠢᠷ᠎ᠠ ᠬᠠᠷᠠᠭ᠎ᠠ ᠲᠠᠢ ᠪᠤᠯᠬᠤ ᠨᠤᠷᠮ᠎ᠠ  ᠪᠦᠬᠦ ᠪᠦᠮᠪᠦᠷᠴᠡᠭ ᠲᠤ ᠬᠠᠮᠤᠭ ᠤᠨ ᠦᠨᠳᠦᠷ ᠪᠤᠯᠤᠨ᠎᠎ᠡ ᠭᠡᠵᠦ ᠢᠯᠡᠷᠬᠡᠶᠢᠯᠡᠪᠡ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121493759