蒙古文网站Logo
ᠰᠢᠨᠬᠤᠸᠠ ᠮᠤᠩᠭ᠋ᠤᠯ ᠨᠧᠲ

ᠰᠢᠯᠢᠩᠬᠤᠳᠠ ᠶ᠋ᠢᠨ ᠦᠨᠳᠦᠰᠦᠳᠡᠨ ‍ᠤ ᠬᠡᠤᠬᠡᠳ ‍ᠤᠨ ᠴᠡᠴᠡᠷᠯᠢᠭ᠌ ᠪᠠᠬᠰᠢ ᠶ᠋ᠢᠨ ᠪᠠᠶᠠᠷ ᠢᠶᠡᠨ ᠤᠳᠬ᠎ᠠ ᠠᠭᠤᠯᠭ᠎ᠠ ᠲᠠᠢ ᠳᠡᠮᠳᠡᠭᠯᠡᠯ᠎ᠠ

2017-09-11 14:49

    ᠰᠢᠨᠬᠤᠧᠠ ᠮᠤᠩᠭᠤᠯ ᠨᠧᠲ   ᠬᠦᠬᠡᠬᠤᠳᠠ ᠶᠢᠨ 9 ᠰᠠᠷ᠎ᠠ ᠶᠢᠨ 11 ᠤ ᠡᠳᠦᠷ ᠤᠨ ᠴᠠᠬᠢᠯᠭᠠᠨ ᠮᠡᠳᠡᠬᠡ   ᠭᠤᠴᠢᠨ ᠭᠤᠷᠪᠠᠳᠡᠬᠢ ᠪᠠᠬᠰᠢ ᠶ᠋ᠢᠨ ᠪᠠᠶᠠᠷ ᠢᠶᠡᠨ ᠤᠬᠳᠤᠵᠦ᠂ ᠪᠠᠬᠰᠢ ᠠᠵᠢᠯᠳᠠᠳ ‍ᠤᠨ ᠰᠤᠶᠤᠯ ‍ᠤᠨ ᠠᠮᠢᠳᠤᠷᠠᠯ ‍ᠢ ᠨᠢ ᠪᠠᠶᠠᠯᠢᠬᠵᠢᠭᠤᠯᠤᠨ᠂ ᠪᠡᠶ᠎ᠡ ᠮᠠᠬᠠᠪᠤᠳ ‍ᠢ ᠨᠢ ᠴᠠᠬᠢᠷᠠᠬᠵᠢᠭᠤᠯᠵᠦ᠂ ᠪᠠᠬᠰᠢ ᠶ᠋ᠢᠨ ᠪᠠᠶᠠᠷ ᠢᠶᠡᠨ ᠬᠦᠷ ᠬᠦᠭᠵᠢᠶᠡᠨ ᠲᠠᠢ᠂ ᠤᠳᠬ᠎ᠠ ᠠᠭᠤᠯᠭ᠎ᠠ ᠲᠠᠢ ᠲᠡᠮᠳᠡᠭᠯᠡᠬᠦ ᠶ᠋ᠢᠨ ᠳᠤᠰᠠᠳᠠ᠂ 9 ᠰᠠᠷ᠎ᠠ ᠶ᠋ᠢᠨ 8 ᠤ᠋ ᠦᠳᠠ ᠶ᠋ᠢᠨ ᠬᠤᠶᠢᠨ᠎ᠠ᠂ ᠦᠪᠦᠷ ᠮᠤᠩᠭᠤᠯ ‍ᠤᠨ ᠰᠢᠯᠢᠩᠬᠤᠳᠠ ᠶ᠋ᠢᠨ ᠦᠨᠳᠦᠰᠦᠳᠡᠨ ‍ᠤ ᠬᠡᠤᠬᠡᠳ ‍ᠤᠨ ᠴᠡᠴᠡᠷᠯᠢᠭ ᠪᠠᠬᠰᠢ ᠶ᠋ᠢᠨ ᠪᠠᠶᠠᠷ ᠢᠶᠡᠨ ᠤᠬᠳᠤᠨ ᠳᠡᠮᠳᠡᠭᠯᠡᠬᠦ ᠪᠠᠬᠰᠢ ᠠᠵᠢᠯᠳᠠᠳ ‍ᠤᠨ ᠰᠤᠨᠢᠷᠬᠠᠯᠳᠦ ᠪᠡᠶ᠎ᠠ ᠶᠢᠨ ᠲᠠᠮᠢᠷ ‍ᠤᠨ ᠳᠡᠮᠡᠴᠡᠬᠡᠨ ᠵᠤᠬᠢᠶᠠᠨ ᠪᠠᠶᠢᠭᠤᠯᠤᠯ᠎ᠠ᠃

    ᠳᠡᠮᠡᠴᠡᠬᠡᠨ ‍ᠤ ᠲᠦᠷᠦᠯ ᠳ᠋ᠥ ᠪᠦᠬᠡ ᠪᠠᠷᠢᠯᠳᠤᠬᠤ᠂ ᠰᠤᠷ ᠬᠠᠷᠪᠤᠬᠤ᠂ ᠳᠡᠭᠡᠰᠦ ᠳᠠᠲᠠᠬᠤ ᠵᠡᠷᠭᠡ ᠤᠯᠠᠮᠵᠢᠯᠠᠯᠳᠦ ᠳᠦᠷᠦᠯ ᠵᠦᠢᠯ ᠢ ᠳᠤᠬᠢᠷᠠᠭᠤᠯᠤᠭᠰᠠᠨ ᠡᠴᠠ ᠭᠠᠳᠠᠨ᠎ᠠ᠂ ᠳᠤᠭᠤᠢ ᠦᠩᠭᠦᠷᠢᠭᠦᠯᠵᠦ ᠤᠷᠤᠯᠳᠤᠬᠤ᠂ ᠢᠮᠵᠢ ᠦᠰᠦᠷᠬᠦ᠂ ᠳᠤᠭᠤᠢ ᠤᠨᠤᠵᠦ ᠬᠡᠶᠢᠲᠦ ᠪᠦᠮᠪᠦᠭᠡ ᠴᠤᠭᠤᠯᠠᠬᠤ ᠵᠡᠷᠭᠡ ᠶᠢᠰᠦᠨ ᠲᠦᠷᠦᠯ ‍ᠤᠨ ᠰᠤᠨᠢᠷᠬᠠᠯᠳᠦ ᠳᠡᠮᠡᠴᠡᠬᠡᠨ ᠳᠤᠬᠢᠷᠠᠭᠤᠯᠵᠤ᠂ ᠪᠦᠬᠦ ᠴᠡᠴᠡᠷᠯᠢᠭ ‍ᠤᠨ ᠪᠠᠬᠰᠢ ᠠᠵᠢᠯᠳᠠᠳ ᠢᠳᠡᠪᠬᠢᠯᠡᠨ ᠤᠷᠤᠯᠴᠠᠵᠠᠢ᠃

    ᠰᠢᠯᠢᠩᠬᠤᠳᠠ ᠶ᠋ᠢᠨ ᠦᠨᠳᠦᠰᠦᠳᠡᠨ ‍ᠤ ᠬᠡᠤᠬᠡᠳ ‍ᠤᠨ ᠴᠡᠴᠡᠷᠯᠢᠭ ᠪᠤᠯ 1982 ᠤᠨ ᠳ᠋ᠥ ᠪᠠᠶᠢᠭᠤᠯᠤᠬᠳᠠᠬᠰᠡᠨ ᠭᠤᠴᠢᠭᠠᠳ ᠵᠢᠯ ‍ᠤᠨ ᠲᠡᠤᠬᠡ ᠲᠠᠢ ᠰᠢᠯᠢᠩᠬᠤᠳᠠ ᠶ᠋ᠢᠨ ᠴᠤᠷ ‍ᠤᠨ ᠭᠠᠬᠴᠠ ᠦᠨᠳᠦᠰᠦᠳᠡᠨ ‍ᠤ ᠬᠡᠤᠬᠡᠳ ‍ᠤᠨ ᠴᠡᠴᠡᠷᠯᠢᠭ ᠪᠤᠯᠬᠤ ᠶᠤᠮ᠃ ᠨᠢᠳᠤᠨᠤᠨ ᠰᠢᠯᠢᠩᠬᠤᠳᠠ ᠶ᠋ᠢᠨ ᠪᠠᠶᠠᠨᠬᠦ᠋ᠷᠢᠶ᠎ᠠ ᠮᠠᠯᠵᠢᠯ ‍ᠤᠨ ᠲᠠᠯᠠᠪᠠᠢ ᠶ᠋ᠢᠨ ᠲᠦᠪ  ᠲᠤ ᠬᠠᠷᠢᠶ᠎ᠠ ᠬᠤᠪᠢᠶᠠᠷᠢ ᠴᠡᠴᠡᠷᠯᠢᠭ ᠢᠶᠡᠨ ᠪᠠᠶᠢᠭᠤᠯᠤᠬᠰᠡᠨ ᠪᠠᠶᠢᠨ᠎ᠠ᠃ ᠴᠡᠴᠡᠷᠯᠢᠭ ᠨᠢ ᠲᠦᠮᠠ ᠭᠠᠷᠤᠢ ᠺᠦᠧᠠᠳ᠋ ᠮᠧᠲ᠋ᠷ ᠲᠠᠯᠠᠪᠠᠢ ᠲᠠᠢ᠂ 80 ᠭᠠᠷᠤᠢ ᠪᠠᠬᠰᠢ ᠠᠵᠢᠯᠳᠠᠨ ᠲᠠᠢ᠂ 600 ᠭᠠᠷᠤᠢ ᠬᠡᠤᠬᠡᠳ ᠲᠠᠢ᠃ ᠵᠢᠭᠠᠨ ᠰᠤᠷᠭᠠᠯᠳᠠ ᠳ᠋ᠠᠭᠠᠨ ᠮᠤᠩᠭᠤᠯ ᠦᠨᠳᠦᠰᠦᠳᠡᠨ ‍ᠤ ᠤᠯᠠᠮᠵᠢᠯᠠᠯᠳᠦ ᠰᠤᠶᠤᠯ ᠬᠦᠮᠦᠵᠢᠯ ᠪᠤᠯᠤᠨ ᠤᠳᠤ ᠦᠶ᠎ᠠ ᠶ᠋ᠢᠨ ᠰᠤᠷᠭᠠᠨ ᠬᠦᠮᠦᠵᠢᠯ ‍ᠤᠨ ᠠᠷᠭ᠎ᠠ ᠮᠠᠶ᠊ᠢᠭ ‍ᠢ ᠤᠶᠠᠯᠳᠤᠭᠤᠯᠬᠤ ᠶ᠋ᠢ ᠴᠢᠬᠤᠯᠠᠴᠢᠯᠠᠳᠠᠭ᠂ ᠤᠷᠤᠨ ‍ᠤ ᠵᠡᠷᠬᠡᠯᠡᠯ ᠤᠨ ᠵᠢᠱᠢᠶᠡᠴᠢ ᠴᠡᠴᠡᠷᠯᠢᠭ ᠢᠶᠡᠷ ᠦᠨᠡᠯᠡᠬᠦᠯᠵᠤ ᠪᠠᠶᠢᠭᠰᠠᠨ ᠳᠡᠤᠬᠡ ᠲᠠᠢ᠃ (ᠨᠡᠶᠢᠳᠡᠯᠡᠯ ᠵᠢᠷᠤᠭ ᠢ ᠰᠢᠯᠢᠩᠬᠤᠳᠠ ᠶᠢᠨ ᠳᠤᠭ᠎ᠠ ᠪᠦᠷᠢᠳᠬᠡᠯ ᠤᠨ ᠳᠤᠪᠴᠢᠶ᠎ᠠ ᠶᠢᠨ ᠴᠢᠷᠮ᠎ᠠ)

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121643891