蒙古文网站Logo
ᠰᠢᠨᠬᠤᠸᠠ ᠮᠤᠩᠭ᠋ᠤᠯ ᠨᠧᠲ

ᠤᠶᠤᠳᠠᠳ ᠤᠨ ᠰᠠᠷ᠎ᠠ ᠶᠢᠨ ᠵᠠᠷᠤᠳᠠᠯ ᠤᠨ ᠪᠠᠶᠢᠳᠠᠯ

2017-09-12 16:27

    ᠦᠩᠬᠡᠷᠡᠭᠰᠡᠨ ᠭᠠᠷᠠᠭ᠂ ᠳᠤᠮᠳᠠᠳᠤ ᠤᠯᠤᠰ ᠤᠨ ᠵᠠᠯᠠᠭᠤᠴᠤᠳ ᠰᠣᠨᠢᠨ 1983 ᠤᠶᠤᠳᠠᠨ ᠤ ᠳᠤᠮᠳᠠ ᠰᠠᠷ᠎ᠠ ᠶᠢᠨ ᠵᠠᠷᠤᠳᠠᠯ ᠤᠨ ᠬᠢᠨᠢ ᠲᠤᠬᠠᠢ ᠪᠠᠶᠢᠴᠠᠭᠠᠯᠲᠠ ᠬᠢᠭ᠍ᠰᠡᠨ ᠪᠠᠶᠢᠨ᠎ᠠ᠃ ᠡᠬᠦᠨ ᠳᠤ᠂ ᠪᠠᠶᠢᠴᠠᠭᠠᠯᠲᠠ ᠳᠤ ᠤᠷᠤᠯᠴᠠᠬᠰᠠᠨ 61.7%  ᠶ᠋ᠢᠨ ᠤᠶᠤᠲᠠᠳ ᠤᠨ ᠰᠠᠷ᠎ᠠ ᠶᠢᠨ ᠵᠠᠷᠤᠳᠠᠯ 1000᠍ ~ 2000 ᠲᠦᠭᠦᠷᠢᠭ᠌ ᠤᠨ ᠬᠤᠭᠤᠷᠤᠨᠳᠤ᠂ 21.1%   ᠶ᠋ᠢᠨ ᠤᠶᠤᠲᠠᠳ ᠤᠨ ᠰᠠᠷ᠎ᠠ ᠶᠢᠨ ᠵᠠᠷᠤᠳᠠᠯ 500 ~ 1000 ᠲᠦᠭᠦᠷᠢᠭ᠌ ᠤᠨ ᠬᠤᠭᠤᠷᠤᠨᠳᠤ᠂ 9.6 %   ᠶ᠋ᠢᠨ ᠤᠶᠤᠲᠠᠳ ᠤᠨ ᠰᠠᠷ᠎ᠠ ᠶᠢᠨ ᠵᠠᠷᠤᠳᠠᠯ 2000 ~ 2500 ᠲᠦᠭᠦᠷᠢᠭ᠌ ᠤᠨ ᠬᠤᠭᠤᠷᠤᠨᠳᠤ᠂ 4.2 %   ᠤ᠋ᠨ ᠤᠶᠤᠲᠠᠳ ᠤᠨ ᠰᠠᠷ᠎ᠠ ᠶᠢᠨ ᠵᠠᠷᠤᠳᠠᠯ 500 ᠲᠦᠬᠦᠷᠢᠭ᠌ ᠬᠦᠷᠬᠦ ᠦᠭᠡᠢ᠂ 2.8 %   ᠶ᠋ᠢᠨ ᠤᠶᠤᠲᠠᠳ ᠤᠨ ᠰᠠᠷ᠎ᠠ ᠶᠢᠨ ᠵᠠᠷᠤᠳᠠᠯ 2500 ᠍᠍~3000 ᠲᠦᠭᠦᠷᠢᠭ᠌ ᠤᠨ ᠬᠤᠭᠤᠷᠤᠨᠳᠤ᠂ 0.8 %  ᠶ᠋ᠢᠨ ᠤᠶᠤᠲᠠᠳ ᠤᠨ ᠰᠠᠷ᠎ᠠ ᠶᠢᠨ ᠵᠠᠷᠤᠳᠠᠯ 3000 ᠲᠦᠭᠦᠷᠢᠭ᠌ ᠡᠴᠡ ᠬᠡᠲᠤᠷᠡᠭᠰᠡᠨ ᠪᠠᠶᠢᠳᠠᠯ ᠲᠠᠢ᠃

    ᠲᠤᠭ᠎ᠠ ᠪᠠᠷᠢᠮᠳᠠ ᠡᠴᠡ ᠤᠶᠢᠯᠠᠭᠠᠭᠰᠠᠨ ᠢᠶᠡᠷ᠂ ᠬᠤᠭᠤᠯᠠᠨ ᠤ ᠵᠠᠷᠤᠳᠠᠯ (78.0 %)᠂ ᠠᠮᠢᠳᠤᠷᠠᠯ ᠤᠨ ᠬᠡᠷᠡᠭᠰᠡᠯ ᠤᠨ ᠵᠠᠷᠤᠳᠠᠯ (53.8%) ᠪᠠ ᠬᠤᠲᠠ  ᠳᠤᠲᠤᠷᠠᠬᠢ ᠵᠠᠮ ᠬᠠᠷᠢᠯᠴᠠᠭᠠᠨ ᠤ ᠵᠠᠷᠤᠳᠠᠯ ᠪᠤᠯ ᠤᠶᠤᠲᠠᠳ ᠤᠨ ᠭᠤᠤᠯ ᠵᠠᠷᠤᠳᠠᠯ ᠪᠤᠯᠤᠨ᠎ᠠ᠃ ᠪᠤᠰᠤᠳ ᠵᠠᠷᠤᠳᠠᠯ ᠢ ᠵᠢᠬᠰᠠᠭᠠᠪᠠᠯ᠄ ᠨᠡᠶᠢᠬᠡᠮ ᠤᠨ ᠬᠠᠷᠢᠯᠴᠠᠭ᠎ᠠ ᠪᠠ ᠵᠤᠭ᠎ᠠ ᠴᠡᠩᠬᠡᠯ ᠳᠤ 41.0%᠂ ᠨᠤᠮ ᠬᠤᠳᠠᠯᠳᠤᠨ ᠠᠪᠬᠤ ᠳᠤ 36.6%᠂ ᠬᠤᠪᠴᠠᠰᠤ ᠬᠤᠨᠠᠷ ᠪᠤᠶᠤ ᠤ ᠡᠩᠬᠡᠰᠭᠡ ᠬᠤᠳᠠᠯᠳᠤᠨ ᠠᠪᠬᠤ ᠳᠤ 36.2%᠂ ᠪᠠᠶᠢᠷᠢ ᠶᠢᠨ ᠵᠠᠷᠤᠳᠠᠯ ᠪᠡ ᠰᠤᠷᠤᠯᠭ᠎ᠠ ᠶᠢᠨ ᠵᠠᠷᠤᠳᠠᠯ 34.1%᠂ ᠵᠢᠭᠤᠯᠴᠢᠯᠠᠬᠤ ᠳᠤ 25.8%᠂ ᠬᠡᠷ ᠳᠦᠷᠢᠶᠠᠰᠦᠯᠡᠬᠦ ᠵᠠᠷᠤᠳᠠᠯ 22.4%᠂ ᠺᠢᠨᠣ᠋ ᠦᠵᠡᠬᠦ ᠪᠤᠶᠤ ᠲᠤᠭᠯᠠᠯᠲᠠ ᠰᠣᠨᠢᠷᠬᠠᠬᠤ ᠳᠤ 20.9%᠂ ᠢᠨᠲ᠋ᠧᠷᠨᠧᠲ ᠲᠤᠭᠯᠠᠭᠠᠮ ᠪᠤᠶᠤ ᠭᠠᠷ ᠤᠳᠠᠰᠤᠨ ᠤ ᠲᠤᠭᠯᠠᠭᠠᠮ ᠳᠤ 12.0%᠂ ᠢᠨᠠᠭ ᠤᠨ ᠵᠠᠷᠤᠳᠠᠯ 11.3%᠂ ᠭᠠᠳᠠᠬᠰᠢ ᠭᠠᠷᠬᠤ ᠳᠤ 9.1%᠂ ᠪᠠᠩᠬᠢ ᠳᠤ ᠬᠠᠳᠠᠭᠠᠯᠠᠬᠤ 6.3%᠂ ᠹᠤᠨᠳ᠋ ᠪᠤᠶᠤ ᠰᠲ᠋ᠤᠺ ᠬᠤᠳᠠᠯᠳᠤᠨ ᠠᠪᠬᠤ ᠳᠤ 5.0 % ᠢ ᠵᠡᠷᠤᠴᠠᠭᠤᠯᠵᠤ ᠪᠠᠶᠢᠨ᠎ᠠ᠃

    ᠰᠠᠷ᠎ᠠ ᠶᠢᠨ ᠵᠠᠷᠤᠳᠠᠯ ᠤᠨ ᠢᠷᠡᠯᠲᠠ ᠶᠢᠨ ᠲᠤᠬᠠᠢ᠂ 79.5% ᠶᠢᠨ ᠤᠶᠤᠳᠠᠳ ᠵᠠᠷᠤᠳᠠᠯ ᠢᠶᠡᠨ ᠠᠪᠤ ᠡᠵᠢ ᠡᠴᠡ ᠪᠡᠨ ᠠᠪᠴᠤ ᠪᠤᠢ᠂ 54.2% ᠤᠨ ᠤᠶᠤᠳᠠᠳ ᠥᠪᠡᠷ ᠢᠶᠡᠨ ᠳᠠᠳᠤᠯᠭ᠎ᠠ ᠬᠢᠬᠦ ᠪᠤᠶᠤ ᠬᠦᠯᠦᠰᠦᠨ ᠤ ᠠᠵᠢᠯ ᠬᠢᠬᠡᠳ ᠵᠤᠭᠤᠰ ᠤᠯᠵᠤ ᠪᠤᠢ᠂ 36.3% ᠶᠢᠨ ᠤᠶᠤᠳᠠᠳ ᠤᠨ ᠵᠠᠷᠤᠳᠠᠯ ᠰᠤᠷᠭᠠᠯᠲᠠ ᠶᠢᠨ ᠲᠡᠳᠭᠦᠯᠬᠡ ᠡᠴᠡ ᠢᠷᠡᠯᠲᠠᠢ᠃ ᠡᠬᠦᠨ ᠡᠴᠡ ᠭᠠᠳᠠᠨ᠎ᠠ᠂ 9.6% ᠶᠢᠨ ᠤᠶᠤᠳᠠᠳ ᠰᠤᠷᠭᠠᠭᠤᠯᠢ ᠶᠢᠨ ᠬᠦᠷᠢᠶᠠᠨ ᠤ ᠵᠢᠬᠡᠯᠡᠯᠬᠡ ᠪᠤᠶᠤ ᠪᠤᠰᠤᠳ ᠵᠢᠬᠡᠯᠡᠯᠬᠡ ᠳᠤ ᠲᠦᠰᠢᠭᠯᠡᠵᠤ ᠪᠤᠢ᠂ 7.3% ᠶᠢᠨ ᠤᠶᠤᠳᠠᠳ ᠬᠦᠷᠦᠩᠬᠡ ᠠᠬᠤᠢᠢᠯᠠᠯᠳᠡ ᠬᠢᠵᠦ ᠪᠠᠶᠢᠬᠤ ᠪᠠᠶᠢᠳᠠᠯ ᠲᠠᠢ᠃

ᠢᠷᠡᠯᠳᠡ᠄ ᠳᠤᠮᠳᠠᠳᠤ ᠤᠯᠤᠰ ᠤᠨ ᠵᠠᠯᠠᠭᠤᠴᠤᠳ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121650814