蒙古文网站Logo
ᠰᠢᠨᠬᠤᠸᠠ ᠮᠤᠩᠭ᠋ᠤᠯ ᠨᠧᠲ

ᠥᠪᠦᠷ ᠮᠣᠩᠭᠣᠯ ᠤᠨ ᠬᠦᠨᠡᠰᠦᠨ ᠨᠣᠭᠤᠭ᠎ᠠ ᠶᠢᠨ ᠦᠨ᠎ᠡ ᠢᠯᠡᠳᠲᠡ ᠪᠠᠭᠤᠷᠠᠵᠠᠢ

2016-07-12 16:42

    ᠰᠣᠷᠪᠤᠯᠵᠢᠯᠠᠭᠴᠢ ᠥᠪᠤᠷ ᠮᠣᠩᠭᠣᠯ ᠤᠨ ᠥᠪᠡᠷᠲᠡᠬᠡᠨ ᠵᠠᠰᠠᠬᠤ ᠤᠷᠤᠨ ᠤ ᠥᠭᠡᠷᠡᠴᠢᠯᠡᠯᠲᠠ ᠬᠦᠭ᠍ᠵᠢᠭᠦᠯᠦᠯᠲᠡ ᠶᠢᠨ ᠵᠦᠪᠯᠡᠯ ᠡᠴᠡ ᠤᠶᠢᠯᠠᠭᠠᠭᠰᠠᠨ ᠢᠶᠡᠷ᠂ 6 ᠋ᠳ᠋ᠤᠭᠠᠷ ᠰᠠᠷ᠎ᠠ ᠳᠤ ᠦᠪᠦᠷ ᠮᠤᠨᠭᠭᠤᠯ ᠤᠨ ᠬᠦᠨᠡᠰᠤᠨ ᠨᠣᠭᠤᠭ᠎ᠠ ᠶᠢᠨ ᠳᠤᠮᠳᠠᠴᠢ ᠦᠨ᠎᠎ᠡ ᠡᠦᠷᠭᠦᠯᠵᠢᠯᠡᠨ ᠪᠠᠭᠤᠷᠠᠵᠦ᠂ ᠠᠷᠪᠠ ᠬᠤᠨᠤᠬ ᠪᠦᠷᠢ ᠶᠢᠨ ᠦᠨ᠎ᠡ ᠨᠢ ᠦᠩᠭᠡᠷᠡᠭᠰᠡᠨ ᠬᠤᠭᠤᠴᠠᠭᠠᠨ ᠤ ᠮᠦᠨ ᠦᠶ᠎ᠡ ᠡᠴᠡ ᠲᠤᠰᠪᠤᠷᠢ 9.10%᠂ 5.98%᠂ 6.26% ᠪᠡᠷ ᠪᠠᠭᠤᠷᠠᠵᠠᠢ᠃

    6 ᠳ᠋ᠤᠭᠠᠷ ᠰᠠᠷ᠎᠎ᠠ᠂ ᠥᠪᠦᠷ ᠮᠣᠩᠭᠣᠯ ᠤᠨ ᠬᠦᠨᠡᠰᠦᠨ ᠨᠣᠭᠤᠭ᠎ᠠ ᠶᠢᠨ ᠶᠡᠷᠦᠩᠬᠡᠶᠢᠯᠡᠭᠰᠡᠨ ᠳᠤᠮᠳᠠᠴᠢ ᠦᠨ᠎ᠡ  ᠵᠢᠩ ᠪᠦᠷᠢ  ᠳᠤ 2.26 ᠲᠦᠭᠦᠷᠢᠭ᠌᠂ ᠦᠩᠭᠡᠷᠡᠭᠰᠡᠨ ᠬᠤᠭᠤᠴᠠᠭᠠᠨ ᠤ ᠮᠦᠨ ᠦᠶ᠎ᠡ ᠡᠴᠡ 18.53% ᠪᠡᠷ ᠪᠠᠭᠤᠷᠠᠭᠰᠠᠨ ᠪᠠ ᠬᠢᠨᠠᠯᠲᠠ ᠬᠦᠯᠢᠶᠡᠭᠰᠡᠨ 15 ᠵᠦᠢᠯ ᠤᠨ ᠨᠣᠭᠤᠭ᠎ᠠ ᠶᠢᠨ ᠦᠨ᠎ᠡ ᠪᠦᠷ ᠪᠠᠭᠤᠷᠠᠵᠠᠢ᠃ ᠡᠭᠦᠨ ᠳᠤ᠂ ᠦᠨ᠎ᠡ ᠶᠢᠨ ᠪᠠᠭᠤᠷᠠᠬᠰᠠᠨ ᠬᠡᠮᠵᠢᠶ᠎ᠡ ᠪᠡᠷ ᠡᠮᠦᠨ᠎ᠡ ᠲᠠᠪᠦ  ᠳᠤ ᠵᠢᠬᠰᠠᠭᠠᠬᠳᠠᠬᠰᠠᠨ ᠲᠦᠪᠡᠳ ᠬᠠᠰᠢ᠂ ᠪᠦᠭᠡᠷᠡᠩᠬᠡᠢ ᠴᠠᠭᠠᠨ ᠨᠣᠭᠤᠭ᠎ᠠ᠂ ᠬᠠᠰᠢ᠂ ᠴᠣᠭᠤᠷ ᠨᠣᠭᠤᠭ᠎ᠠ᠂ ᠴᠠᠭᠠᠨ ᠨᠣᠭᠤᠭ᠎ᠠ ᠶᠢᠨ ᠦᠨ᠎ᠡ ᠲᠤᠰᠪᠤᠷᠢ ᠦᠩᠭᠡᠷᠡᠭᠰᠡᠨ ᠬᠤᠭᠤᠴᠠᠭᠠᠨ ᠤ ᠮᠦᠨ ᠦᠶ᠎ᠡ ᠡᠴᠡ 31.19%᠂ 27.70%᠂ 26.55%᠂ 23.97%᠂ 22.76%  ᠪᠡᠷ ᠪᠠᠭᠤᠷᠠᠵᠠᠢ᠃

    ᠦᠩᠭᠡᠷᠡᠭᠰᠡᠨ ᠤᠨ ᠤ ᠮᠦᠨ ᠦᠶ᠎ᠡ ᠲᠠᠢ ᠬᠠᠷᠢᠴᠠᠭᠣᠯᠪᠠᠯ᠂ ᠬᠢᠨᠠᠯᠲᠠ ᠬᠦᠯᠢᠶᠡᠭᠰᠡᠨ 15 ᠵᠦᠢᠯ ᠤᠨ ᠬᠦᠨᠡᠰᠤᠨ ᠨᠣᠭᠤᠭ᠎ᠠ ᠶᠢᠨ ᠶᠡᠷᠦᠩᠬᠡᠶᠢᠯᠡᠭ᠍ᠰᠡᠨ ᠳᠤᠮᠳᠠᠴᠢ ᠦᠨ᠎ᠡ 6.78% ᠪᠡᠷ ᠪᠠᠭᠤᠷᠠᠪᠠ᠃ ᠲᠡᠷᠡ ᠮᠦᠷᠲᠡᠬᠡᠨ ᠴᠠᠭ ᠠᠭᠠᠷ ᠤᠨ ᠨᠦᠯᠦᠬᠡᠯᠡᠯ ᠡᠴᠡ ᠪᠣᠯᠵᠤ᠂ ᠤᠷᠤᠨ ᠨᠤᠳᠤᠭ ᠤᠨ ᠬᠦᠨᠡᠰᠤᠨ ᠨᠣᠭᠤᠭ᠎ᠠ ᠶᠢᠨ ᠬᠠᠩᠭ᠋ᠠᠯᠲᠠ ᠨᠡᠮᠡᠭᠳᠡᠵᠤ᠂ ᠨᠣᠭᠤᠭ᠎ᠠ ᠶᠢᠨ ᠦᠨ᠎ᠡ ᠵᠠᠯᠭᠠᠭᠠᠳ ᠪᠠᠭᠤᠷᠠᠬᠤ ᠪᠤᠯᠤᠮᠵᠢ ᠪᠤᠢ᠃(ᠤᠷᠴᠢᠭᠤᠯᠤᠬᠴᠢ ᠳᠠᠳᠤᠯᠭ᠎ᠠ ᠶᠢᠨ ᠨᠠᠶᠢᠷᠠᠭᠤᠯᠤᠬᠴᠢ ᠰᠤᠷᠤᠶ᠎ᠠ)

 

ᠢᠷᠡᠯᠳᠡ᠄ ᠦᠪᠦᠷ ᠮᠤᠨᠭᠭᠤᠯ ᠤᠨ ᠰᠤᠨᠢᠨ ᠮᠡᠳᠡᠭᠡᠨ ᠤ ᠰᠦᠯᠵᠢᠶ᠎ᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119207203