蒙古文网站Logo
ᠰᠢᠨᠬᠤᠸᠠ ᠮᠤᠩᠭ᠋ᠤᠯ ᠨᠧᠲ

7 ᠳ᠋ᠤᠭᠠᠷ ᠰᠠᠷ ᠠ  ᠶᠢᠨ ᠥᠪᠦᠷ ᠮᠣᠩᠭᠣᠯ ᠤᠨ ᠨᠤᠭᠤᠭ᠎ᠠ ᠦᠨᠳᠡᠬᠡ ᠮᠢᠬᠠᠨ  ᠤ ᠬᠠᠩᠰᠢ ᠤᠯᠤᠰ ᠳᠠᠶᠠᠭᠠᠷ ᠤᠨ ᠬᠠᠩᠰᠢ  ᠡᠴᠡ ᠬᠢᠮᠳᠠ ᠪᠣᠯᠪᠠ

2016-08-24 16:56

    ᠥᠪᠦᠷ ᠮᠣᠩᠭᠣᠯ ᠤᠨ ᠬᠤᠳᠠᠯᠳᠤᠭᠠᠨ ᠤ ᠶᠠᠪᠤᠳᠠᠯ ᠤᠨ ᠲᠢᠩᠬᠢᠮ ᠤᠨ ᠠᠮᠢᠳᠤᠷᠠᠯ ᠤᠨ ᠴᠢᠬᠣᠯᠠ ᠬᠡᠷᠡᠭᠯᠡᠬᠡᠨ ᠤ ᠵᠠᠬ᠎ᠠ ᠵᠡᠭᠡᠯᠢ ᠶᠢᠨ ᠬᠢᠨᠡᠨ ᠪᠠᠶᠢᠴᠠᠭᠠᠬᠤ ᠰᠢᠰᠲ᠋ᠧᠮ ᠤᠨ ᠢᠯᠡᠷᠡᠭᠦᠯᠦᠭᠰᠡᠨ ᠲᠤᠭ᠎ᠠ ᠪᠠᠷᠢᠮᠲᠠ ᠡᠴᠡ ᠤᠶᠢᠯᠠᠭᠠᠭᠰᠠᠨ ᠢᠶᠡᠷ᠂ 7 ᠳ᠋ᠤᠭᠠᠷ ᠰᠠᠷ ᠠ ᠳᠤ ᠥᠪᠦᠷ ᠮᠣᠩᠭᠣᠯ ᠤᠨ ᠠᠮᠤ ᠲᠤᠰᠤᠨ ᠤ ᠬᠠᠩᠰᠢ ᠤᠯᠤᠰ ᠲᠠᠶᠠᠭᠠᠷ ᠤᠨ ᠳᠤᠮᠳᠠᠴᠢ ᠦᠨ᠎ᠠ ᠡᠴᠡ ᠨᠡᠮᠡᠬᠦᠦ᠂ ᠨᠤᠭᠤᠭ᠎ᠠ᠂ ᠦᠨᠳᠡᠬᠡ᠂ ᠵᠢᠮᠢᠰ᠂ ᠭᠠᠬᠠᠢ ᠶᠢᠨ ᠮᠢᠬ᠎ᠠ᠂ ᠦᠬᠡᠷ ᠤᠨ ᠮᠢᠬ᠎ᠠ᠂ ᠬᠣᠨᠢᠨ ᠤ ᠮᠢᠬᠠᠨ ᠤ ᠬᠠᠩᠰᠢ ᠤᠯᠤᠰ  ᠲᠠᠶᠠᠭᠠᠷ ᠤᠨ ᠳᠤᠮᠳᠠᠴᠢ ᠦᠨ᠎ᠠ ᠡᠴᠡ ᠲᠠᠲᠠᠭᠤ ᠪᠣᠯᠪᠠ᠃

    ᠵᠢᠵᠢᠭᠯᠡᠨ ᠪᠤᠷᠤᠯᠠᠭᠤᠯᠬᠤ ᠵᠠᠬ᠎ᠠ ᠵᠡᠭᠡᠯᠢ ᠶᠢᠨ ᠬᠢᠨᠡᠨ ᠪᠠᠶᠢᠴᠠᠭᠠᠭᠰᠠᠨ66 ᠵᠤᠶᠢᠯ  ᠤᠨ ᠲᠠᠧᠠᠷ ᠲᠤ 46 ᠵᠤᠶᠢᠯ ᠤᠨ ᠬᠢᠨᠢ ᠦᠨ᠎ᠠ ᠪᠠᠭᠤᠷᠠᠵᠤ᠂18 ᠵᠦᠢᠯ ᠤᠨ ᠬᠢᠨᠢ ᠬᠠᠩᠰᠢ ᠦᠰᠴᠦ᠂ 2 ᠵᠤᠶᠢᠯ ᠤᠨ ᠬᠢᠨᠢ ᠬᠣᠪᠢᠷᠠᠭᠰᠠᠨ ᠦᠭᠡᠢ᠃ ᠪᠦᠭᠡᠮ ᠢᠶᠡᠷ ᠬᠤᠳᠠᠯᠳᠤᠬᠤ ᠵᠠᠬ᠎ᠠ ᠵᠡᠭᠡᠯᠢ ᠶᠢᠨ ᠬᠢᠨᠡᠨ ᠪᠠᠶᠢᠴᠠᠭᠠᠭᠰᠠᠨ61ᠵᠤᠶᠢᠯ  ᠤᠨ ᠲᠠᠧᠠᠷ ᠲᠤ 38 ᠵᠤᠶᠢᠯ ᠤᠨ ᠬᠢᠨᠢ ᠬᠠᠩᠰᠢ ᠪᠠᠭᠤᠷᠠᠵᠤ᠂21 ᠵᠦᠢᠯ  ᠤᠨ ᠬᠢᠨᠢ ᠬᠠᠩᠰᠢ ᠦᠰᠴᠦ ᠂ 2 ᠵᠤᠶᠢᠯ ᠤᠨ ᠬᠢᠨᠢ ᠬᠣᠪᠢᠷᠠᠭᠰᠠᠨ ᠦᠭᠡᠢ᠃ ᠲᠠᠷᠢᠶᠠᠯᠠᠩ ᠤᠨ ᠠᠷᠠᠯᠵᠢᠶᠠᠨ ᠤ ᠵᠠᠬ᠎ᠠ ᠵᠡᠭᠡᠯᠢ ᠶᠢᠨ ᠬᠢᠨᠡᠨ ᠪᠠᠶᠢᠴᠠᠭᠠᠭᠰᠠᠨ37 ᠵᠤᠶᠢᠯ  ᠤᠨ ᠲᠠᠧᠠᠷ ᠲᠤ 31 ᠵᠤᠶᠢᠯ ᠤᠨ ᠬᠢᠨᠢ ᠬᠠᠩᠰᠢ ᠪᠠᠭᠤᠷᠠᠵᠤ᠂ 6 ᠵᠦᠢᠯ ᠤᠨ ᠬᠢᠨᠢ ᠬᠠᠩᠰᠢ ᠦᠰᠴᠡᠢ ᠃ ᠡᠭᠦᠨ ᠳᠤ ᠬᠦᠨᠡᠰᠤᠨ ᠤ ᠲᠤᠰᠤ᠂ ᠠᠮᠦ ᠶᠢᠨ ᠬᠠᠩᠰᠢ ᠡᠬᠡᠯᠵᠢᠯᠡᠨ ᠦᠰᠬᠦ ᠪᠤᠶᠤ ᠪᠠᠭᠤᠷᠠᠨ᠎᠎ᠠ᠃ ᠮᠢᠬᠠᠨ ᠤ ᠵᠤᠶᠢᠯ ᠤᠨ ᠬᠠᠩᠰᠢ ᠦᠷᠭᠦᠯᠵᠢᠯᠡᠨ ᠪᠠᠭᠤᠷᠠᠵᠤ᠂ ᠦᠨᠳᠡᠬᠡᠨ ᠤ ᠵᠤᠶᠢᠯ ᠂ ᠵᠢᠮᠢᠰ ᠤᠨ ᠬᠠᠩᠰᠢ ᠪᠠᠭ᠎ᠠ ᠬᠡᠮᠵᠢᠶ᠎ᠠ ᠪᠡᠷ ᠪᠠᠭᠤᠷᠠᠨ᠎ᠠ᠃ ( ᠳᠠᠳᠤᠯᠭ ᠠ ᠶᠢᠨ ᠨᠠᠶᠢᠷᠠᠭᠤᠯᠤᠭᠴᠢ ᠰᠤᠷᠤᠶ᠎ᠠ ᠣᠷᠴᠢᠭᠤᠯᠪᠠ)

ᠢᠷᠡᠯᠳᠡ᠄ ᠳᠤᠮᠳᠠᠳᠤ ᠤᠯᠤᠰ ᠤᠨ ᠰᠣᠨᠢᠨ ᠮᠡᠳᠡᠭᠡᠨ ᠤ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119448247